ᠮᠤᠷᠢᠨ ᠮᠢᠬᠠᠨ ᠤ ᠡᠮᠴᠢᠯᠡᠬᠡᠨ ᠤ ᠤᠢᠢᠯᠡᠳᠤᠯ
ᠨᠡᠶᠢᠲᠡᠯᠡᠭᠰᠡᠨ ᠴᠠᠭ᠄
2020/12/21
     ᠮᠤᠷᠢᠨ ᠮᠢᠬ᠎ᠠ ᠪᠤᠯᠪᠠᠰᠤ ᠭᠤᠱᠤᠭᠤᠨ ᠭᠠᠰᠢᠭᠤᠨ ᠠᠮᠳᠡ ᠲᠠᠢ᠂ ᠰᠡᠷᠢᠬᠦᠨ ᠴᠢᠨᠡᠷᠳᠡᠢ᠃ ᠲᠡᠷᠡ ᠨᠢ ᠬᠠᠯᠠᠭᠤᠨ ᠢ ᠠᠷᠢᠯᠭᠠᠨ ᠬᠡᠢ ᠶᠢ ᠤᠷᠤᠭᠤ ᠶᠠᠪᠤᠭᠤᠯᠵᠤ᠂ ᠶᠠᠰᠤ ᠰᠢᠷᠪᠤᠰᠤ ᠶᠢ ᠲᠦᠯᠵᠢᠬᠦᠯᠦᠨ᠂ ᠪᠡᠯᠬᠡᠭᠦᠰᠤ ᠡᠪᠤᠳᠥᠭ ᠢ ᠭᠦᠴᠤᠵᠢᠬᠦᠯᠦᠨ᠂ ᠲᠠᠮᠢᠷ ᠢ ᠨᠡᠮᠡᠭᠳᠡᠭᠦᠯᠦᠨ᠂ ᠪᠡᠶ᠎ᠠ ᠶᠢ ᠬᠦᠡᠭᠭᠡᠷᠡᠭᠦᠯᠦᠮᠤᠢ᠃ ᠮᠤᠷᠢᠨ ᠲᠤᠯᠤᠭᠠᠢ ᠶᠢᠨ ᠶᠠᠰᠤ ᠪᠠᠷ ᠲᠠᠷ᠎ᠠ ᠬᠢᠵᠤ ᠲᠡᠷᠡᠯᠡᠪᠡᠰᠤ ᠨᠦᠢᠷ ᠤᠨᠳᠠᠯᠭ᠎ᠠ ᠶᠢ ᠪᠠᠭᠠᠰᠬᠠᠮᠤᠢ᠃ ᠮᠤᠷᠢᠨ ᠡᠯᠢᠬᠡ ᠶᠢ ᠢᠳᠡᠵᠤ ᠦᠯᠤ ᠪᠤᠯᠤᠮᠤᠢ᠃ ᠮᠤᠷᠢᠨ ᠤ ᠴᠠᠶᠢᠪᠤᠷ ᠲᠤᠭᠤᠷᠡᠢ ᠶᠢ ᠡᠮᠡᠭᠳᠡᠶᠢᠴᠤᠳ ᠤᠨ ᠴᠠᠭᠠᠨ ᠢᠶᠠᠷ ᠪᠠᠭᠤᠯᠭᠠᠬᠤ ᠶᠢ ᠵᠠᠰᠠᠵᠤ ᠤᠯᠠᠭᠠᠪᠳᠤᠷ ᠲᠤᠭᠤᠷᠡᠢ ᠠᠨᠤ ᠡᠮᠡᠭᠳᠡᠶᠢᠴᠤᠳ ᠤᠨ ᠤᠯᠠᠭᠠᠨ ᠢᠶᠠᠷ ᠪᠠᠭᠤᠯᠭᠠᠬᠤ ᠶᠢ ᠵᠠᠰᠠᠮᠤᠢ᠃ ᠰᠠᠭᠠᠷᠡᠯ ᠮᠤᠷᠢ ᠶᠢᠨ ᠬᠢᠷᠵᠠᠩ ᠪᠤᠯᠪᠠᠰᠤ ᠲᠠᠪᠤᠰᠤᠯᠢᠭ ᠠᠮᠳᠠᠯᠢᠭ ᠠᠮᠳᠡ ᠲᠠᠢ᠂ ᠬᠤᠤᠷ ᠦᠬᠡᠢ᠃ ᠭᠤᠤᠯᠳᠠᠭᠤ ᠲᠤᠳᠤᠷ ᠬᠡᠮᠳᠤᠵᠤ ᠰᠤᠳᠠᠯ ᠤᠨ ᠯᠤᠨᠨᠰᠢᠯᠳᠡ ᠲᠠᠰᠤᠷᠠᠬᠤ ᠶᠢ ᠵᠠᠰᠠᠵᠤ᠂ ᠵᠤᠷᠢᠭ ᠢ ᠬᠠᠳᠠᠭᠤᠵᠢᠭᠤᠯᠤᠨ ᠲᠠᠮᠢᠷ ᠢ ᠰᠠᠶᠢᠵᠢᠷᠠᠭᠤᠯᠵᠤ ᠮᠢᠬ᠎ᠠ ᠶᠢ ᠲᠦᠯᠵᠢᠬᠦᠯᠦᠨ ᠦᠷ᠎ᠠ ᠬᠡᠤᠭᠡᠳ ᠲᠠᠢ ᠪᠤᠯᠭᠠᠨ᠂ ᠪᠡᠯᠬᠡᠰ ᠤᠨ ᠲᠠᠮᠢᠷ ᠢ ᠨᠡᠮᠡᠭᠳᠡᠭᠦᠯᠦᠮᠤᠢ᠃ ᠮᠤᠷᠢᠨ ᠵᠢᠷᠤᠭᠡ ᠪᠤᠯᠪᠠᠰᠤ ᠮᠡᠷᠳᠡᠮᠠᠳᠠᠭᠠᠢ ᠡᠪᠡᠳᠴᠢᠨ ᠢ ᠵᠠᠰᠠᠮᠤᠢ᠃      ᠵᠡᠬᠡᠷᠳᠡ ᠮᠤᠷᠢᠨ ᠤ ᠠᠷᠡᠰᠤ᠄ ᠭᠦᠡᠭᠭᠡᠵᠢᠬᠦ ᠶᠢ ᠲᠦᠷᠭᠡᠳᠭᠡᠨ᠎ᠠ᠃      ᠮᠤᠷᠢᠨ ᠤ ᠰᠢᠳᠤ᠄ ᠨᠢᠯᠬ᠎ᠠ ᠬᠡᠤᠭᠡᠳ ᠤᠨ ᠤᠨᠠᠳᠠᠭ ᠡᠪᠡᠳᠴᠢᠨ ᠵᠡᠷᠬᠡ ᠳᠤ ᠰᠠᠶᠢᠨ᠃      ᠮᠤᠷᠢᠨ ᠤ ᠲᠡᠯ᠄ ᠡᠮᠡᠭᠳᠡᠢ ᠶᠢᠨ ᠤᠯᠠᠭᠠᠨ ᠴᠠᠭᠠᠨ ᠢᠶᠠᠷ ᠪᠠᠭᠤᠯᠭᠠᠬᠤ ᠡᠪᠡᠳᠴᠢᠨ ᠳᠤ ᠰᠠᠶᠢᠨ᠃      ᠤᠨᠠᠭᠠᠨ ᠤ ᠲᠤᠯᠤᠭᠠᠢ ᠶᠢᠨ ᠶᠠᠰᠤ᠄ ᠨᠦᠢᠷ ᠢ ᠰᠡᠷᠭᠡᠭᠰᠢᠬᠦᠯᠦᠨ᠎ᠠ᠃      ᠮᠤᠷᠢᠨ ᠤ ᠲᠠᠷᠢᠬᠢ᠄ ᠠᠷᠢᠬᠢᠨ ᠰᠢᠨᠤᠯ ᠠᠴᠠ ᠠᠷᠢᠯᠭᠠᠨ᠎ᠠ᠃      ᠮᠤᠷᠢᠨ ᠤ ᠨᠢᠳᠤ᠄ ᠬᠡᠤᠭᠡᠳ ᠤᠨ ᠡᠳᠡᠭᠡᠳ ᠡᠪᠡᠳᠴᠢᠨ᠂ ᠤᠨᠠᠳᠠᠭ ᠡᠪᠡᠳᠴᠢᠨ᠂ ᠱᠦᠯᠬᠦᠬᠡ ᠵᠡᠷᠬᠡ ᠶᠢ ᠠᠨᠠᠭᠠᠨ᠎ᠠ᠃      ᠮᠤᠷᠢᠨ ᠤ ᠠᠭᠤᠰᠬᠢ᠄ ᠠᠭᠤᠰᠬᠢ ᠨᠡᠪᠴᠢᠷᠡᠭᠰᠡᠨ ᠢ ᠠᠨᠠᠭᠠᠨ᠂ ᠠᠭᠤᠰᠬᠢ ᠶᠢ ᠰᠢᠮᠡᠵᠢᠬᠦᠯᠦᠨ᠎ᠠ᠃      ᠬᠡᠭᠦᠤ ᠶᠢᠨ ᠬᠠᠭ᠄ ᠬᠠᠯᠠᠭᠠᠨᠨᠰᠠᠨ ᠰᠢᠷᠬ᠎ᠠ ᠶᠢ ᠵᠠᠰᠠᠬᠤ ᠳᠤ ᠬᠡᠷᠡᠭᠯᠡᠨ᠎ᠠ᠃      ᠮᠤᠷᠢᠨ ᠰᠢᠬᠡᠰᠤ᠄ ᠰᠤᠯᠢᠶᠠᠷᠠᠬᠤ ᠶᠢ ᠲᠠᠷᠤᠨ᠎ᠠ᠃      ᠬᠦᠬᠡ ᠠᠵᠢᠷᠭ᠎ᠠ ᠶᠢᠨ ᠪᠠᠭᠠᠰᠤ᠄ ᠭᠠᠯᠵᠠᠭᠤ ᠶᠢᠨ ᠬᠤᠤᠷ ᠢ ᠲᠠᠷᠤᠨ᠎ᠠ᠃      ᠮᠤᠷᠢᠨ ᠲᠤᠭᠤᠷᠠᠢ᠄ ᠪᠠᠳᠠᠬᠢ ᠶᠢ ᠡᠪᠳᠡᠨ᠎ᠠ᠃      ᠮᠤᠷᠢᠨ ᠤ ᠰᠢᠪᠡᠷᠢ᠄ ᠪᠤᠯᠴᠢᠩ ᠡᠷᠬᠢᠬᠦ ᠶᠢ ᠵᠠᠰᠠᠨ᠎ᠠ᠃      ᠮᠤᠷᠢᠨ ᠤ ᠬᠤᠭᠤᠯᠠᠢ᠄ ᠠᠰᠢᠭ ᠡᠪᠡᠳᠴᠢᠨ ᠢ ᠠᠨᠠᠭᠠᠨ᠎ᠠ᠃      ᠮᠤᠷᠢᠨ ᠤ ᠰᠦᠰᠦ᠄ ᠰᠢᠷᠬ᠎ᠠ ᠶᠢ ᠠᠷᠢᠯᠭᠠᠨ᠎ᠠ᠃      ᠮᠤᠷᠢᠨ ᠤ ᠦᠬᠡᠭᠦ᠄ ᠦᠬᠡᠷ ᠨᠢᠱᠤᠭᠤ ᠶᠢ ᠠᠷᠢᠯᠭᠠᠨ᠂ ᠵᠠᠭᠠᠳᠤᠨᠠᠬᠤ ᠶᠢ ᠵᠤᠨᠨᠰᠤᠭᠠᠨ᠎ᠠ᠃      ᠴᠠᠭᠠᠨ ᠮᠤᠷᠢᠨ ᠤ ᠲᠤᠭᠤᠷᠠᠢ᠄ ᠦᠨᠠᠰᠤ ᠮᠡᠩᠭᠡ ᠵᠡᠷᠬᠡ ᠠᠷᠡᠰᠤᠨ ᠡᠪᠡᠳᠴᠢᠨ ᠢ ᠠᠷᠢᠯᠭᠠᠨ᠎ᠠ᠃      ᠮᠤᠷᠢᠨ ᠤ ᠲᠡᠯᠢᠬᠦᠤ᠄ ᠰᠢᠷᠬᠠᠨ ᠳᠤ ᠲᠤᠰᠠᠳᠡᠢ᠃      ᠮᠤᠷᠢᠨ ᠤ ᠴᠢᠰᠤ᠄ ᠤᠶᠠᠮᠠᠨ ᠡᠪᠡᠳᠴᠢᠨ ᠳᠤ ᠰᠠᠶᠢᠨ᠃      ᠮᠤᠷᠢᠨ ᠤ ᠵᠢᠷᠤᠭᠡ᠄ ᠦᠶ᠎ᠠ ᠬᠡᠰᠢᠭᠦᠤ ᠳᠤ ᠰᠠᠷᠨᠢᠨᠨᠰᠠᠨ ᠬᠤᠤᠷ ᠢ ᠠᠷᠢᠯᠭᠠᠨ᠎ᠠ᠃      ᠮᠤᠷᠢᠨ ᠤ ᠪᠦᠬᠡᠷ᠎ᠡ᠄ ᠪᠦᠬᠡᠷᠡᠨ ᠳᠤ ᠪᠦᠷᠢᠯᠳᠦᠭᠰᠡᠨ ᠡᠪᠡᠳᠴᠢᠨ ᠳᠤ ᠰᠠᠶᠢᠨ᠃      ᠴᠡᠭᠡ᠄ ᠠᠭᠤᠰᠬᠢ ᠶᠢ ᠲᠦᠯᠵᠢᠬᠦᠯᠤᠨ ᠬᠡᠢ ᠶᠢ ᠠᠷᠢᠯᠭᠠᠵᠤ ᠮᠢᠨᠴᠤᠭᠦᠷᠡᠭᠦᠯᠦᠨ᠎ᠠ᠃      ᠬᠡᠭᠦᠤ ᠶᠢᠨ ᠰᠦ ᠨᠢ ᠠᠭᠤᠰᠬᠢ ᠶᠢ ᠠᠨᠠᠭᠠᠵᠤ᠂ ᠦᠶ᠎ᠠ ᠬᠡᠰᠢᠬᠦᠨ ᠤ ᠬᠡᠢ ᠶᠢ ᠠᠷᠢᠯᠭᠠᠨ᠎ᠠ᠃      ᠵᠢᠷᠭᠤᠭᠠᠨ ᠬᠦᠬᠦᠯᠳᠤ ᠠᠵᠢᠷᠭᠠᠨ ᠤ ᠲᠠᠩᠨᠠᠢ ᠶᠢᠨ ᠶᠠᠰᠤ᠄ ᠴᠢᠰᠤᠨ ᠰᠢᠷᠬᠠᠨ ᠳᠤ ᠲᠤᠰᠠᠳᠡᠢ᠃      ᠮᠤᠷᠢᠨ ᠤ ᠶᠠᠰᠤ᠄ ᠰᠢᠷ᠎ᠠ ᠤᠰᠤ ᠶᠢ ᠬᠠᠳᠠᠭᠠᠨ᠎ᠠ᠃      ᠮᠤᠷᠢᠨ ᠤ ᠪᠠᠭᠠᠰᠤ᠄ ᠬᠤᠷᠤᠬᠠᠢ ᠶᠢ ᠠᠷᠢᠯᠭᠠᠵᠤ᠂ ᠬᠡᠢ ᠰᠢᠷ᠎ᠠ ᠪᠠᠷ ᠪᠦᠬᠡᠯᠵᠢᠬᠦ ᠶᠢ ᠲᠤᠨᠨᠳᠠᠭᠠᠨ᠎ᠠ᠃      ᠮᠤᠷᠢᠨ ᠤ ᠬᠤᠯᠤᠩᠰᠤ᠄ ᠪᠤᠯᠴᠢᠩ ᠤᠷᠪᠠᠭ᠋ᠤ ᠶᠢ ᠲᠠᠷᠤᠨ᠎ᠠ᠃      ᠮᠤᠷᠢᠨ ᠤ ᠮᠢᠬ᠎ᠠ᠄ ᠤᠰᠤᠨ ᠬᠠᠪᠤᠡᠭ ᠳᠤ ᠲᠤᠰᠠᠳᠡᠢ᠃
 
ᠢᠷᠡᠯᠲᠡ᠄ ᠣᠷᠳᠣᠰ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号