ᠣᠷᠭᠤᠮᠠᠯ ᠤᠨ ᠰᠢᠪᠡᠵᠢ ᠶᠢᠨ ᠬᠦᠨᠦᠭᠡᠯ ᠤᠨ ᠲᠠᠷᠢᠶᠠᠨ ᠳᠠᠬᠢ ᠤᠨᠤᠰᠢᠯᠠᠯᠲᠠ ᠶᠢ ᠬᠡᠷᠬᠢᠨ ᠬᠢᠬᠦ ᠪᠣᠢ
ᠨᠡᠶᠢᠲᠡᠯᠡᠭᠰᠡᠨ ᠴᠠᠭ᠄
2020/12/21
     ᠰᠢᠪᠡᠵᠢ ᠶᠢᠨ ᠬᠦᠨᠦᠭᠡᠯ ᠢ ᠢᠳᠡᠰᠢᠯᠡᠬᠦ ᠬᠦᠨᠦᠭᠡᠯ᠂ ᠢᠳᠡᠰᠢᠯᠡᠬᠦ ᠪᠣᠰᠣ ᠬᠦᠨᠦᠭᠡᠯ ᠪᠠ ᠡᠪᠡᠳᠴᠢᠨ ᠲᠠᠷᠬᠠᠭᠠᠬᠤ ᠬᠦᠨᠦᠭᠡᠯ ᠭᠡᠵᠦ ᠭᠤᠷᠪᠠᠨ ᠶᠡᠭᠡ ᠲᠦᠷᠦᠯ ᠳᠤ ᠬᠤᠪᠢᠶᠠᠨ᠎ᠠ᠃ ᠲᠡᠭᠦᠨ ᠤ ᠬᠦᠨᠦᠭᠡᠬᠦ ᠡᠪᠡᠳᠴᠢᠨ ᠤ ᠢᠯᠡᠷᠡᠯ ᠢ ᠨᠢ ᠦᠨᠳᠦᠰᠦᠯᠡᠵᠦ ᠤᠨᠤᠰᠢᠯᠠᠯᠲᠠ ᠬᠢᠵᠦ᠂ ᠬᠦᠨᠦᠭᠡᠯᠲᠦ ᠰᠢᠪᠡᠵᠢ ᠶᠢᠨ ᠲᠦᠷᠦᠯ ᠵᠦᠢᠯ ᠢ ᠢᠯᠭᠠᠨ ᠲᠠᠨᠢᠬᠤ ᠳᠤ ᠬᠠᠪᠰᠤᠷᠤᠮᠵᠢ ᠪᠣᠯᠭᠠᠵᠤ᠂ ᠰᠢᠨᠵᠢᠯᠡᠬᠦ ᠤᠬᠠᠭᠠᠨᠴᠢ ᠪᠠᠷ ᠰᠡᠷᠭᠡᠶᠢᠯᠡᠨ ᠵᠠᠰᠠᠬᠤ ᠶᠢ ᠵᠢᠯᠤᠭᠤᠳᠤᠨ᠎ᠠ᠃      1. ᠰᠢᠭᠤᠳ ᠢᠳᠡᠰᠢᠯᠡᠬᠦ ᠠᠴᠠ ᠪᠣᠯᠤᠭᠰᠠᠨ ᠬᠦᠨᠦᠭᠡᠯᠲᠦ ᠰᠢᠪᠡᠵᠢ ᠶᠢᠨ ᠬᠦᠨᠦᠭᠡᠯ ᠤᠨ ᠲᠠᠷᠢᠶᠠᠨ ᠳᠠᠬᠢ ᠤᠨᠤᠰᠢᠯᠠᠯᠲᠠ ᠬᠢᠬᠦ ᠳᠡᠭᠡᠨ ᠤᠷᠢᠳ ᠢᠶᠠᠷ ᠤᠷᠭᠤᠮᠠᠯ ᠤᠨ ᠬᠦᠨᠦᠭᠡᠭᠳᠡᠭᠰᠡᠨ ᠬᠡᠰᠡᠭ ᠢ ᠦᠵᠡᠨ᠎ᠡ᠃ ᠵᠢᠱᠢᠶᠡᠯᠡᠪᠡᠯ ᠬᠦᠷᠦᠰᠦᠨ ᠳᠠᠬᠢ ᠦᠨᠳᠦᠰᠦ ᠪᠣᠯᠣᠨ ᠡᠰᠢ᠂ ᠨᠠᠪᠴᠢ᠂ ᠨᠠᠬᠢᠶ᠎ᠠ᠂ ᠴᠡᠴᠡᠭ᠂ ᠵᠢᠮᠢᠰ᠂ ᠦᠷ᠎ᠡ᠂ ᠵᠡᠷᠭᠡ ᠨᠢ ᠠᠳᠠᠯᠢ ᠪᠣᠰᠣ ᠪᠠᠷ ᠬᠦᠨᠦᠭᠡᠭᠳᠡᠭᠰᠡᠨ ᠪᠠᠶᠢᠳᠠᠭ᠃ ᠰᠢᠭᠤᠳ ᠢᠳᠡᠰᠢᠯᠡᠬᠦ ᠬᠦᠨᠦᠭᠡᠯᠲᠦ ᠰᠢᠪᠡᠵᠢ ᠶᠢ ᠪᠠᠰᠠ ᠢᠳᠡᠵᠦ ᠬᠦᠨᠦᠭᠡᠬᠦ ᠂ ᠵᠢᠱᠢᠶᠡᠯᠡᠪᠡᠯ ᠪᠦᠭᠡᠷᠡᠩᠬᠡᠢ ᠴᠠᠭᠠᠨ ᠨᠤᠭᠤᠭ᠎ᠠ ᠶᠢᠨ ᠰᠦᠨᠢ ᠶᠢᠨ ᠢᠲᠤᠬᠠᠨ ᠤ ᠠᠪᠠᠭᠠᠯᠳᠠᠢ᠂ ᠡᠷᠳᠡᠨᠢ ᠰᠢᠰᠢ ᠶᠢᠨ ᠮᠢᠩ ᠬᠤᠷᠤᠬᠠᠢ ᠶᠢᠨ ᠠᠪᠠᠭᠠᠯᠳᠠᠢ᠂ ᠨᠤᠭᠤᠭ᠎ᠠ ᠶᠢᠨ ᠴᠠᠭᠠᠨ ᠡᠷᠪᠡᠬᠡᠢ ᠶᠢᠨ ᠠᠪᠠᠭᠠᠯᠳᠠᠢ᠂ ᠵᠢᠰᠢᠭᠦᠦ ᠠᠷᠲᠤ ᠰᠦᠨᠢ ᠶᠢᠨ ᠢᠲᠤᠬᠠᠨ ᠤ ᠠᠪᠠᠭᠠᠯᠳᠠᠢ᠂ ᠦᠳᠦᠭ ᠬᠤᠷᠤᠬᠠᠢ ᠵᠡᠷᠭᠡ᠃ ᠨᠠᠪᠴᠢᠨ ᠳᠤ ᠨᠢᠭᠤᠭᠳᠠᠨ ᠬᠦᠨᠦᠭᠡᠬᠦ᠂ ᠵᠢᠱᠢᠶᠡᠯᠡᠪᠡᠯ ᠨᠠᠪᠴᠢᠨ ᠤ ᠢᠲᠤᠬᠠᠨ᠂ ᠰᠢᠬᠢᠷ ᠯᠤᠤᠪᠠᠩ ᠤᠨ ᠨᠠᠪᠴᠢᠨ ᠤ ᠢᠯᠠᠭ᠎ᠠ ᠵᠡᠷᠭᠡ ᠶᠢᠨ ᠠᠪᠠᠭᠠᠯᠳᠠᠢ᠃ ᠨᠠᠪᠴᠢ ᠶᠢ ᠬᠤᠮᠪᠤᠶᠢᠯᠭᠠᠬᠤ᠂ ᠵᠢᠱᠢᠶᠡᠯᠡᠪᠡᠯ ᠲᠤᠳᠤᠷᠭ᠎ᠠ ᠶᠢᠨ ᠨᠠᠪᠴᠢᠨ ᠤ ᠬᠤᠮᠢᠭᠠᠷ ᠮᠢᠩ᠂ ᠬᠦᠰᠢᠭᠡᠲᠦ ᠲᠦᠭᠡᠯᠡᠭᠦᠷ ᠵᠡᠷᠭᠡ᠃ ᠰᠢᠷᠭᠤᠨ ᠤᠷᠤᠵᠤ ᠬᠦᠨᠦᠭᠡᠬᠦ᠂ ᠵᠢᠱᠢᠶᠡᠯᠡᠪᠡᠯ ᠭᠤᠷᠪᠠᠨᠲᠠ ᠭᠤᠤᠵᠢᠬᠤ ᠮᠢᠩ ᠡᠷᠪᠡᠬᠡᠢ᠂ ᠢᠮᠡᠯᠵᠢ᠂ ᠨᠠᠪᠴᠢᠨ ᠤ ᠲᠠᠷᠴᠠ᠂ ᠾᠢᠲ᠋ᠠᠨ ᠴᠣᠬᠤ᠂ ᠠᠯᠢᠮ᠎ᠠ ᠶᠢᠨ ᠪᠦᠳᠦᠭᠦᠨ ᠪᠤᠷᠭᠤᠢ ᠬᠤᠷᠤᠬᠠᠢ ᠵᠡᠷᠭᠡ᠃ ᠬᠠᠳᠬᠤᠨ ᠰᠤᠷᠤᠵᠤ ᠬᠦᠨᠦᠭᠡᠬᠦ᠂ ᠵᠢᠱᠢᠶᠡᠯᠡᠪᠡᠯ ᠪᠠᠭᠠᠷᠠᠩ ᠬᠤᠷᠤᠬᠠᠢ᠂ ᠨᠢᠰᠦᠭᠴᠢ ᠲᠡᠯᠡᠭᠴᠢ᠂ ᠯᠠᠪᠠᠶᠢᠲᠤ ᠪᠠᠭᠠᠷᠠᠩ ᠵᠡᠷᠭᠡ ᠬᠦᠨᠦᠭᠡᠯᠲᠦ ᠰᠢᠪᠡᠵᠢ᠃      2. ᠢᠳᠡᠰᠢᠯᠡᠬᠦ ᠪᠣᠰᠣ ᠬᠦᠨᠦᠭᠡᠯ ᠨᠢ ᠬᠦᠨᠦᠭᠡᠯᠲᠦ ᠰᠢᠪᠡᠵᠢ ᠶᠢᠨ ᠢᠳᠡᠰᠢᠯᠡᠬᠦ ᠠᠴᠠ ᠪᠣᠯᠵᠣ ᠡᠭᠦᠰᠦᠭᠰᠡᠨ ᠪᠢᠰᠢ᠂ ᠬᠠᠷᠢᠨ ᠦᠨᠳᠡᠭᠡᠯᠡᠬᠦ᠂ ᠰᠢᠷᠤᠢ ᠨᠦᠬᠡᠯᠡᠬᠦ᠂ ᠢᠯᠠᠭᠠᠳᠠᠰᠤ ᠢᠯᠠᠭᠠᠷᠠᠭᠤᠯᠬᠤ ᠠᠴᠠ ᠪᠣᠯᠵᠣ ᠡᠭᠦᠰᠭᠡᠭᠰᠡᠨ ᠬᠦᠨᠦᠭᠡᠯ ᠮᠦᠨ᠂ ᠦᠨᠳᠡᠭᠡᠯᠡᠬᠦ ᠠᠴᠠ ᠪᠣᠯᠤᠭᠰᠠᠨ ᠬᠦᠨᠦᠭᠡᠯ ᠳᠤ ᠨᠠᠪᠴᠢᠨ ᠤ ᠲᠠᠷᠴᠠ᠂ ᠳᠡᠪᠬᠡᠷᠭᠡ ᠵᠡᠷᠭᠡ ᠶᠢᠨ ᠬᠦᠨᠦᠭᠡᠯ ᠪᠠᠶᠢᠵᠤ᠂ ᠢᠯᠭᠠᠳᠠᠰᠤ ᠠᠴᠠ ᠪᠣᠯᠤᠭᠰᠠᠨ ᠬᠦᠨᠦᠭᠡᠯ ᠳᠤ ᠪᠠᠭᠠᠷᠠᠩ ᠬᠤᠷᠤᠬᠠᠢ᠂ ᠴᠠᠭᠠᠨ ᠲᠡᠯᠡᠭᠴᠢ᠂ ᠮᠤᠳᠤᠨ ᠲᠡᠯᠡᠭᠴᠢ ᠵᠡᠷᠭᠡ ᠶᠢᠨ ᠬᠦᠨᠦᠭᠡᠯ ᠪᠠᠭᠲᠠᠳᠠᠭ ᠪᠠᠶᠢᠨ᠎ᠠ᠃      3. ᠤᠷᠭᠤᠮᠠᠯ ᠤᠨ ᠡᠪᠡᠳᠴᠢᠨ ᠤ ᠬᠦᠨᠦᠭᠡᠯ ᠢ ᠲᠠᠷᠬᠠᠭᠠᠬᠤ ᠬᠦᠨᠦᠭᠡᠯᠲᠦ ᠰᠢᠪᠡᠵᠢ ᠳᠤ ᠴᠠᠭᠠᠨ ᠲᠡᠯᠡᠭᠴᠢ᠂ ᠯᠠᠪᠠᠶᠢᠲᠤ ᠪᠠᠭᠠᠷᠠᠩ᠂ ᠰᠤᠬᠤᠷ ᠦᠮᠡᠬᠡᠢ ᠪᠢᠰ ᠵᠡᠷᠭᠡ ᠪᠣᠢ᠃
 
ᠢᠷᠡᠯᠲᠡ᠄ ᠲᠠᠯᠠᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号