ᠴᠢᠮᠦᠬᠡᠨ ᠲᠤᠰᠤᠨ ᠤ ᠡᠮᠴᠢᠯᠡᠬᠡᠨ ᠤ ᠠᠴᠢ ᠲᠤᠰᠠ
ᠨᠡᠶᠢᠲᠡᠯᠡᠭᠰᠡᠨ ᠴᠠᠭ᠄
2020/12/21
     ᠡᠷᠳᠡ ᠲᠡᠭᠡᠷ᠎ᠠ ᠦᠶ᠎ᠡ ᠠᠴᠠ ᠮᠤᠩᠭᠤᠯᠴᠤᠳ ᠬᠤᠨᠢ ᠦᠬᠡᠷ ᠤᠨ ᠴᠢᠮᠦᠬᠡᠨ ᠲᠤᠰᠤ ᠶᠢ ᠤᠯᠠᠨ ᠠᠷᠭ᠎ᠠ ᠪᠠᠷ ᠢᠯᠭᠠᠷᠠᠭᠤᠯᠤᠨ ᠭᠠᠷᠭᠠᠵᠤ ᠬᠡᠢ ᠶᠠᠳᠠᠷᠠᠭ᠎ᠠ᠂ ᠠᠯᠵᠢᠶᠠᠯ ᠲᠠᠶᠢᠯᠬᠤ᠂ ᠲᠠᠷᠬᠠᠯᠠᠭ᠎ᠠ ᠰᠡᠷᠬᠦᠬᠡᠬᠦ ᠵᠤᠷᠢᠯᠭ᠎ᠠ ᠪᠠᠷ ᠬᠡᠷᠡᠭᠯᠡᠳᠡᠭ ᠪᠠᠶᠢᠭᠰᠠᠨ ᠶᠤᠮ᠃ ᠤᠳᠤ ᠴᠤ ᠬᠡᠰᠡᠨ ᠵᠠᠷᠢᠮ ᠨᠠᠰᠤᠳᠠᠶᠢᠴᠤᠳ ᠴᠢᠮᠦᠬᠡᠨ ᠶᠠᠰᠤ ᠪᠠᠨ ᠴᠠᠢ ᠳᠠᠭᠠᠨ ᠴᠢᠨᠠᠵᠤ ᠤᠤᠭᠤᠵᠤ ᠪᠤᠢ᠃ ︽ᠠᠨᠠᠭᠠᠬᠤ ᠤᠬᠠᠭᠠᠨ ᠤ ᠲᠦᠷᠪᠡᠨ ᠶᠡᠷᠦᠨᠳᠡᠭ ᠤᠨ ᠬᠤᠷᠢᠶᠠᠩᠭᠤᠢ︾᠎ ᠳᠤ᠂ ᠦᠬᠡᠷ ᠬᠤᠨᠢᠨ ᠤ ᠴᠢᠮᠦᠬᠡ ᠨᠢ ᠠᠮᠳᠠᠯᠢᠭ᠂ ᠪᠦᠯᠢᠶᠡᠨ ᠴᠢᠨᠠᠷ ᠲᠠᠢ ᠪᠠᠶᠢᠵᠤ᠂ ᠪᠦᠬᠡᠷ᠎ᠠ ᠶᠢ ᠲᠦᠯᠵᠢᠬᠦᠯᠵᠦ᠂ ᠴᠢᠮᠦᠬᠡ ᠶᠢ ᠨᠦᠬᠦᠨ᠎ᠠ ᠬᠡᠵᠦ ᠲᠡᠮᠳᠡᠭᠯᠡᠵᠦ ᠪᠠᠶᠢᠭ᠎ᠠ ᠶᠤᠮ᠃ ᠰᠢᠯᠢ ᠶᠢᠨ ᠭᠤᠤᠯ ᠤᠨ ᠮᠤᠩᠭᠤᠯ ᠡᠮᠨᠡᠯᠬᠡ ᠶᠢᠨ ᠬᠤᠷᠢᠶᠠᠨ ᠤ ᠡᠮᠴᠢ ᠮᠤ᠋ ᠯᠠᠨ᠄ ︽ᠴᠢᠮᠦᠬᠡᠨ ᠲᠤᠰᠤᠨ ᠳᠤ ᠮᠤᠩᠭᠤᠯ ᠬᠦᠮᠦᠨ ᠤ ᠪᠡᠶ᠎ᠡ ᠮᠠᠬᠠᠪᠤᠳ ᠲᠤ ᠲᠤᠬᠢᠷᠠᠬᠤ ᠺᠠᠯᠼ᠂ ᠲᠡᠮᠦᠷ᠂ ᠡᠷᠦᠳᠡᠰᠦ ᠪᠤᠳᠠᠰ᠂ ᠰᠢᠮ᠎ᠠ ᠲᠡᠵᠢᠬᠡᠯ ᠶᠡᠭᠡ ᠬᠡᠮᠵᠢᠶ᠎ᠡ ᠪᠠᠷ ᠠᠭᠤᠯᠵᠤ ᠪᠠᠶᠢᠳᠠᠭ ᠢ ᠡᠷᠳᠡᠮᠳᠡᠳ ᠨᠢᠬᠡᠨᠳᠡ ᠨᠤᠳᠠᠯᠠᠭᠰᠠᠨ ᠶᠤᠮ᠃ ᠮᠤᠩᠭᠤᠯᠴᠤᠳ ᠮᠠᠯ ᠤᠨ ᠲᠠᠷᠭᠤ ᠬᠦᠴᠦ ᠰᠡᠶᠢᠨ᠂ ᠲᠦᠬᠦᠷᠡᠩ ᠴᠢᠮᠦᠬᠡ ᠲᠠᠢ ᠦᠶ᠎ᠡ ᠶᠢᠨ ᠴᠢᠮᠦᠬᠡ ᠶᠢ ᠬᠤᠭᠤᠯᠤᠨ ᠵᠦᠬᠡᠯᠡᠨ ᠭᠠᠯ ᠲᠡᠭᠡᠷ᠎ᠠ ᠤᠳᠠᠭᠠᠨ ᠴᠢᠨᠠᠵᠤ᠂ ᠴᠢᠮᠦᠬᠡᠨ ᠲᠤᠰᠤ ᠶᠢ ᠨᠢ ᠢᠯᠭᠠᠷᠠᠭᠤᠯᠤᠨ ᠠᠪᠳᠠᠭ᠃ ᠪᠠᠰᠠ ᠬᠤᠨᠢᠨ ᠤ ᠴᠢᠮᠦᠬᠡ ᠶᠢ ᠬᠤᠭᠤᠯᠵᠤ ᠴᠠᠢ ᠳᠠᠭᠠᠨ ᠬᠢᠵᠤ ᠪᠤᠴᠠᠯᠭᠠᠵᠤ ᠪᠤᠯᠤᠨ᠎ᠠ᠃ ᠡᠶᠢᠮᠦ ᠴᠠᠢ ᠶᠢ ᠪᠠᠰᠠ ᠶᠠᠳᠠᠷᠠᠭ᠎ᠠ ᠲᠠᠶᠢᠯᠬᠤ ᠴᠠᠢ ᠬᠡᠳᠡᠭ᠃ ᠪᠦᠬᠡᠷᠡᠨ ᠤ ᠬᠦᠢᠳᠡᠨ ᠬᠡᠢ᠂ ᠬᠦᠷᠦᠩᠭᠡ ᠪᠠᠷᠠᠭᠳᠠᠭᠰᠠᠨ᠂ ᠨᠠᠰᠤᠳᠠᠶᠢᠴᠤᠳ ᠤᠨ ᠶᠠᠰᠤ ᠰᠡᠶᠢᠷᠡᠭᠵᠢᠭᠰᠡᠨ᠂ ᠰᠢᠮ᠎ᠠ ᠲᠡᠵᠢᠬᠡᠯ ᠲᠤᠳᠠᠭᠳᠠᠭᠰᠠᠳ᠂ ᠲᠠᠮᠢᠷ ᠲᠡᠩᠭᠡᠭᠡ ᠲᠤᠷᠤᠢ᠂ ᠦᠶ᠎ᠡ ᠬᠡᠰᠢᠬᠦᠦ ᠶᠢᠨ ᠠᠷᠬᠠᠭ᠂ ᠨᠦᠢᠷ ᠬᠤᠯᠵᠢᠬᠤ ᠵᠡᠷᠬᠡ ᠭᠠᠳᠠᠷ ᠲᠤᠲᠤᠷ ᠬᠡᠢ ᠡᠪᠡᠳᠴᠢᠨ ᠪᠤᠯᠭᠠᠨ ᠳᠤ ᠲᠤᠰᠠᠯᠠᠨ᠎ᠠ᠃ ᠮᠦᠨ ᠴᠤ ᠡᠮᠡᠭᠳᠡᠶᠢᠴᠤᠳ ᠤᠨ ᠵᠢᠰᠤ ᠴᠢᠷᠠᠢ ᠶᠢ ᠭᠤᠸᠠᠯᠢᠭᠵᠢᠭᠤᠯᠬᠤ ᠮᠠᠰᠢ ᠰᠡᠶᠢᠨ ᠦᠢᠯᠡᠳᠦᠯ ᠲᠠᠢ︾ ᠬᠡᠪᠡ᠃ ᠴᠢᠮᠦᠬᠡᠨ ᠲᠤᠰᠤ ᠶᠢ ᠢᠯᠭᠠᠷᠠᠭᠤᠯᠵᠤ ᠠᠪᠬᠤ ᠳᠤ ᠬᠡᠳᠦ ᠶᠡᠭᠡ ᠮᠢᠬ᠎ᠠ ᠲᠠᠢ ᠴᠢᠨᠠᠪᠠᠯ ᠴᠢᠮᠦᠬᠡᠨ ᠤ ᠵᠢᠩᠭᠢᠨᠢ ᠡᠷᠦᠳᠡᠰᠦ ᠪᠤᠳᠠᠰ ᠮᠢᠬᠠᠨ ᠤ ᠴᠢᠨᠠᠷ ᠲᠤ ᠲᠠᠷᠤᠭᠳᠠᠳᠠᠭ᠃ ᠡᠶᠢᠮᠦ ᠠᠴᠠ ᠰᠤᠩᠭᠤᠭᠰᠠᠨ ᠴᠢᠮᠦᠬᠡᠨ ᠶᠠᠰᠤ ᠪᠠᠨ ᠰᠠᠶᠢᠳᠤᠷ ᠱᠤᠯᠤᠭᠠᠳ ᠵᠦᠬᠡᠯᠡᠨ ᠭᠠᠯ ᠲᠡᠭᠡᠷ᠎ᠠ 5᠎ ᠠᠴᠠ 10 ᠴᠠᠭ ᠴᠢᠨᠠᠵᠤ᠂ ᠱᠦᠯᠦᠨ ᠲᠡᠭᠡᠷ᠎ᠡ ᠬᠦᠪᠦᠭᠰᠡᠨ ᠲᠤᠰᠤ ᠶᠢ ᠨᠢ ᠬᠠᠮᠤᠵᠤ ᠠᠪᠤᠨ᠎ᠠ᠃ ᠢᠡᠭᠭᠢᠵᠦ ᠢᠯᠭᠠᠷᠠᠭᠤᠯᠵᠤ ᠠᠪᠤᠭᠰᠠᠨ ᠴᠢᠮᠦᠬᠡᠨ ᠲᠤᠰᠤ ᠪᠠᠨ ᠬᠦᠯᠳᠡᠬᠡᠵᠦ᠂ ᠡᠳᠦᠷ ᠲᠤᠲᠤᠮ ᠤᠨ ᠬᠤᠭᠤᠯᠠ ᠴᠠᠢ ᠳᠠᠭᠠᠨ ᠬᠢᠬᠦ ᠪᠤᠶᠤ ᠭᠤᠯᠢᠷ ᠵᠢᠭᠤᠷᠠᠵᠤ ᠢᠳᠡᠬᠦ ᠳᠤ ᠮᠠᠰᠢ ᠰᠢᠮ᠎ᠠ ᠲᠠᠢ ᠪᠠᠶᠢᠳᠠᠭ᠃      ᠲᠡᠷᠡᠴᠢᠯᠡᠨ ᠨᠢᠷᠠᠢ ᠬᠡᠦᠬᠡᠳ ᠤᠨ ᠬᠤᠭᠤᠯᠠ ᠪᠤᠶᠤ ᠪᠡᠶ᠎ᠡ ᠶᠢ ᠨᠢ ᠤᠬᠢᠶᠠᠬᠤ ᠳᠤ ᠪᠠᠭ᠎ᠠ ᠬᠡᠰᠡᠭ ᠬᠢᠵᠤ ᠬᠡᠷᠡᠭᠯᠡᠪᠡᠯ ᠬᠠᠨᠢᠶᠠᠳᠤ ᠬᠠᠳᠬᠤᠭ᠎ᠠ ᠲᠤᠰᠬᠤ ᠦᠬᠡᠢ᠂ ᠲᠠᠷᠬᠠᠯᠠᠭ᠎ᠠ ᠶᠢ ᠰᠠᠶᠢᠵᠢᠷᠠᠭᠤᠯᠳᠠᠭ ᠬᠡᠵᠦ ᠨᠠᠰᠤᠳᠠᠶᠢᠴᠤᠳ ᠶᠠᠷᠢᠳᠠᠭ᠃ ᠮᠤᠩᠭᠤᠯ ᠠᠨᠠᠭᠠᠬᠤ ᠤᠬᠠᠭᠠᠨ ᠤ ᠦᠨᠳᠦᠰᠦᠨ ᠤᠨᠤᠯ ᠳᠤ ᠴᠢᠮᠦᠬᠡ ᠪᠤᠯ ᠲᠤᠩᠭᠠᠯᠠᠭ ᠴᠦᠪ ᠤᠨ ᠢᠯᠭᠠᠷᠠᠭᠤᠯᠤᠯᠳᠠ ᠶᠢᠨ ᠵᠢᠷᠭᠤᠳᠤᠭᠠᠷ ᠲᠠᠮᠢᠷ ᠪᠠᠶᠢᠵᠤ᠂ ᠶᠠᠰᠤᠨ ᠠᠴᠠ ᠲᠦᠯᠵᠢᠵᠤ ᠲᠤᠰᠤᠯ ᠢ ᠲᠦᠯᠵᠢᠬᠦᠯᠦᠨ᠎ᠠ᠃ ᠲᠤᠰᠤᠯ ᠨᠢ ᠤᠬᠢ ᠰᠢᠮ᠎ᠠ ᠶᠢ ᠲᠦᠯᠵᠢᠬᠦᠯᠵᠦ᠂ ᠵᠢᠷᠦᠬᠡᠨ ᠳᠤ ᠬᠦᠶᠦᠬᠦ᠂ ᠦᠡᠭᠭᠡᠵᠢᠯ ᠤᠨ ᠲᠠᠮᠢᠷ ᠪᠤᠯᠤᠨ᠎ᠠ᠃ ᠬᠦᠮᠦᠨ ᠤ ᠴᠤᠭ ᠵᠢᠪᠬᠤᠭ᠎ᠠ ᠬᠡᠶᠢᠮᠤᠷᠢ ᠰᠦᠯᠳᠡ ᠦᠡᠭᠭᠡᠵᠢᠯ ᠤᠨ ᠲᠠᠮᠢᠷ ᠠᠴᠠ ᠢᠷᠡᠨ᠎ᠠ ᠬᠡᠵᠦ ᠪᠤᠢ᠃ ᠴᠢᠮᠦᠬᠡᠨ ᠲᠤᠰᠤ ᠨᠢ ᠬᠦᠮᠦᠨ ᠤ ᠬᠡᠢ ᠶᠠᠳᠠᠷᠠᠭ᠎ᠠ ᠶᠢ ᠲᠠᠶᠢᠯᠵᠤ᠂ ᠲᠠᠮᠢᠷ ᠲᠡᠩᠭᠡᠭᠡ ᠤᠷᠤᠭᠤᠯᠬᠤ ᠠᠴᠠ ᠭᠠᠳᠠᠨ᠎ᠠ ᠦᠶ᠎ᠡ ᠮᠦᠴᠡ ᠂ ᠬᠠᠭᠤᠴᠢᠨ ᠡᠪᠡᠳᠴᠢᠨ ᠢ ᠠᠨᠠᠭᠠᠬᠤ᠂ ᠬᠠᠨᠢᠶᠠᠳᠤ ᠲᠤᠮᠤᠭᠤ ᠶᠢ ᠲᠠᠷᠤᠵᠤ᠂ ᠡᠷᠴᠢ ᠬᠦᠴᠦ ᠪᠠᠷ ᠲᠡᠳᠬᠦᠳᠡᠭ ᠭᠠᠶᠢᠬᠠᠯᠳᠠᠢ ᠠᠴᠢ ᠲᠤᠰᠠ ᠲᠠᠢ ᠪᠠᠶᠢᠳᠠᠭ᠃ ᠬᠡᠪᠡᠴᠦ ᠴᠢᠮᠦᠬᠡᠨ ᠲᠤᠰᠤ ᠶᠢ ᠬᠡᠷᠡᠭᠯᠡᠬᠦ ᠳᠤ ᠵᠠᠷᠢᠮ ᠬᠦᠮᠦᠰ ᠠᠩᠬᠠᠷᠬᠤ ᠬᠡᠷᠡᠭᠳᠡᠢ᠃ ᠴᠢᠮᠦᠬᠡᠨ ᠲᠤᠰᠤ ᠶᠢ ᠡᠮ ᠤᠨ ᠬᠦᠯᠬᠡ ᠪᠤᠯᠭᠠᠵᠤ ᠢᠳᠡᠬᠦ ᠪᠤᠶᠤ ᠡᠩ ᠤᠨ ᠮᠤᠩᠭᠤᠯ ᠢᠳᠡᠬᠡᠨ ᠤᠮᠳᠠᠭᠠᠨ ᠲᠤᠮᠳᠠ ᠪᠠᠶᠢᠡᠭᠭᠤ ᠬᠡᠷᠡᠭᠯᠡᠵᠦ ᠪᠤᠯᠤᠨ᠎ᠠ᠃ ᠬᠡᠪᠡᠴᠦ ᠵᠠᠯᠠᠭᠤ ᠢᠳᠡᠷᠴᠤᠳ ᠪᠤᠶᠤ ᠴᠢᠰᠤᠨ ᠬᠠᠯᠠᠭᠤᠨ ᠲᠡᠶᠢᠯᠦᠩᠭᠦᠢ ᠬᠦᠮᠦᠰ᠂ ᠨᠢᠶᠠᠨ ᠬᠢᠵᠢᠭ ᠲᠤ ᠨᠡᠷᠪᠡᠭᠳᠡᠭᠰᠡᠳ᠂ ᠬᠠᠯᠠᠭᠤᠷᠠᠵᠤ ᠪᠠᠶᠢᠭ᠎ᠠ ᠡᠪᠡᠳᠴᠢᠳᠡᠨ᠂ ᠰᠢᠩᠭᠡᠭᠡᠯᠳᠡ ᠲᠤᠷᠦ᠋ᠢᠳᠠᠭᠰᠠᠳ ᠦᠷᠬᠦᠯᠵᠢ ᠶᠢᠨ ᠴᠢᠨᠠᠷᠳᠠᠢ ᠢᠳᠡᠬᠦ ᠶᠢ ᠴᠡᠭᠡᠷᠯᠡᠬᠦ ᠬᠡᠷᠡᠭᠳᠡᠢ᠃
 
ᠢᠷᠡᠯᠲᠡ᠄ ᠲᠠᠯᠠᠳ ᠬᠤᠰᠢᠭᠤᠨ ᠤ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号