ᠦᠷᠭᠡᠰᠤᠳᠤ ᠭᠡᠮᠭᠡ ᠶᠢ ᠢᠯᠠᠭᠦᠦ ᠰᠠᠭᠤᠯᠭᠠᠬᠤ ᠠᠷᠭ᠎ᠠ
ᠨᠡᠶᠢᠲᠡᠯᠡᠭᠰᠡᠨ ᠴᠠᠭ᠄
2018/8/1
     ᠨᠢᠭᠡ᠂ ᠵᠢᠯ ᠠᠯᠤᠰᠯᠠᠭᠰᠠᠨ ᠦᠷ᠎ᠠ ᠶᠢ ᠰᠤᠩᠭᠤᠨ᠎ᠠ᠃ ᠰᠢᠯᠢᠳᠡᠭ ᠴᠢᠨᠠᠷ ᠰᠠᠶᠢᠳᠠᠢ ᠦᠷᠭᠡᠰᠤᠳᠤ ᠭᠡᠮᠭᠡ ᠶᠢᠨ ᠦᠷ᠎ᠠ ᠶᠢ ᠨᠢᠭᠡ ᠵᠢᠯ ᠰᠠᠶᠢᠳᠦᠷ ᠬᠠᠳᠠᠭᠠᠯᠠᠭᠰᠠᠨ ᠤ ᠲᠠᠷᠠᠭ᠎ᠠ ᠲᠠᠷᠢᠪᠠᠯ ᠦᠷᠭᠡᠰᠤᠳᠤ ᠭᠡᠮᠭᠡ ᠰᠠᠭᠤᠬᠤ ᠬᠠᠷᠢᠴᠠᠯ ᠨᠢ ᠦᠨᠳᠦᠷ ᠪᠠᠶᠢᠳᠠᠭ᠃      ᠬᠤᠶᠠᠷ᠂ ᠤᠰᠤᠨ ᠤ ᠭᠡᠮᠵᠢᠶ᠎ᠠ ᠶᠢ ᠲᠡᠭᠡᠭᠰᠢᠯᠡᠭᠦᠯᠤᠨ᠎ᠠ᠃ ᠦᠷᠭᠡᠰᠤᠳᠤ ᠭᠡᠮᠭᠡ ᠪᠠᠨ ᠴᠢᠬᠢᠭ ᠤᠨ ᠭᠡᠮᠵᠢᠶ᠎ᠠ ᠨᠢ 80%᠎ ᠤᠨ ᠭᠦᠷᠦᠰᠤᠨ ᠳᠤ ᠲᠠᠷᠢᠪᠠᠯ 40%᠎ ᠤᠨ ᠬᠢ ᠠᠴᠠ ᠦᠨᠳᠦᠷ ᠪᠠᠶᠢᠳᠠᠭ᠃      ᠭᠤᠷᠪᠠ᠂ ᠪᠤᠷᠳᠤᠭᠤᠷ ᠤᠷᠤᠭᠤᠯᠬᠤ ᠠᠷᠭ᠎ᠠ ᠪᠠᠨ ᠰᠠᠶᠢᠳᠦᠷ ᠲᠤᠬᠢᠷᠠᠭᠤᠯᠤᠨ᠎ᠠ᠃ ᠲᠤᠮᠳᠠ ᠴᠢᠨᠠᠷ ᠤᠨ ᠭᠦᠷᠦᠰᠤᠨ ᠳᠤ ᠰᠠᠭᠤᠯᠭᠠᠭᠰᠠᠨ ᠦᠷᠭᠡᠰᠤᠳᠤ ᠭᠡᠮᠭᠡ ᠶᠢᠨ ᠡᠮ᠎ᠠ ᠴᠡᠴᠡᠭ ᠨᠢ ᠠᠷᠪᠢᠨ ᠲᠤᠯᠠ ᠤᠷᠭᠠᠨᠢᠭ ᠪᠤᠷᠳᠤᠭᠤᠷ ᠤᠷᠤᠭᠤᠯᠪᠠᠯ ᠭᠦᠷᠦᠰᠤ ᠰᠢᠷᠤᠢ ᠶᠢᠨ ᠭᠦᠴᠢᠯᠯᠢᠭ ᠴᠢᠨᠠᠷ ᠢ ᠲᠠᠩᠴᠡᠭᠦᠷᠢ ᠲᠠᠢ ᠪᠤᠯᠭᠠᠵᠤ᠂ ᠡᠮ᠎ᠠ ᠴᠡᠴᠡᠭ ᠤᠨ ᠵᠠᠳᠠᠷᠠᠯᠳᠠ ᠶᠢ ᠲᠦᠷᠭᠡᠳᠭᠡᠵᠤ ᠴᠢᠳᠠᠨ᠎ᠠ᠃ ᠦᠷᠭᠡᠰᠤᠳᠤ ᠭᠡᠮᠭᠡ ᠶᠢᠨ ᠡᠷᠳᠠ ᠬᠤᠭᠤᠴᠠᠭᠠᠨ ᠤ ᠦᠰᠦᠯᠳᠠ ᠳᠤ ᠭᠦᠢᠴᠡᠳ ᠠᠽᠤᠲ ᠪᠤᠷᠳᠤᠭᠤᠷ ᠤᠷᠤᠭᠤᠯᠪᠠᠯ ᠡᠮ᠎ᠠ ᠴᠡᠴᠡᠭ ᠤᠨ ᠬᠠᠷᠢᠴᠠᠯ ᠢ ᠨᠡᠮᠡᠭᠳᠡᠭᠦᠯᠵᠤ ᠴᠢᠳᠡᠨ᠎ᠠ᠃ ᠡᠭᠦᠨ ᠠᠴᠠ ᠭᠠᠳᠠᠨ᠎ᠠ᠂ ᠮᠥ  ᠪᠦᠷᠢ ᠳᠤ 100 ᠮᠢᠯᠢᠯᠢᠲ᠋ᠧᠷ ᠾᠸᠢ ᠮᠠᠨ ᠹᠸᠡᠭ ᠠᠭᠤᠰᠤᠮᠠᠯ ᠳᠤ 50 ᠺᠢᠯᠦᠭᠷᠠᠮ ᠤᠰᠤ ᠨᠠᠮᠡᠵᠤ ᠰᠦᠷᠴᠢᠪᠠᠯ ᠡᠮ᠎ᠠ ᠴᠡᠴᠡᠭ ᠢ ᠨᠡᠮᠡᠭᠳᠡᠭᠦᠯᠵᠤ ᠴᠢᠳᠠᠨ᠎ᠠ᠃ ᠮᠦ ᠪᠦᠷᠢ ᠳᠤ ᠪᠠᠰᠠ ᠬᠢᠮᠢ ᠶᠢᠨ ᠪᠤᠷᠳᠤᠭᠤᠷ ᠤᠨ ᠤᠬᠢ ᠶᠢ 100 ᠭᠷᠠᠮ ᠠᠪᠴᠤ  50 ᠺᠢᠯᠦᠭᠷᠠᠮ ᠤᠰᠤ ᠬᠢᠵᠤ ᠰᠦᠷᠴᠢᠪᠠᠯ ᠡᠮ᠎ᠠ ᠴᠡᠴᠡᠭ ᠤᠨ ᠦᠰᠦᠯᠳᠠ ᠶᠢ ᠲᠦᠷᠭᠡᠳᠭᠡᠵᠤ ᠴᠢᠳᠠᠨ᠎ᠠ᠃      ᠲᠦᠷᠪᠡ᠂ ᠲᠤᠯᠠᠭᠠᠨ ᠤ ᠭᠡᠮᠵᠢᠶ᠎ᠠ ᠶᠢ ᠪᠠᠭᠤᠷᠠᠭᠤᠯᠵᠤ ᠨᠠᠷᠠ ᠶᠢ ᠬᠠᠯᠬᠠᠯᠠᠨ᠎ᠠ᠃ ᠭᠡᠷᠡᠯ ᠤᠨ ᠲᠤᠰᠤᠯᠳᠠ ᠶᠢ ᠪᠠᠭᠠᠰᠬᠠᠪᠠᠯ ᠡᠮ᠎ᠠ ᠴᠡᠴᠡᠭ ᠤᠨ ᠨᠡᠮᠡᠭᠳᠡᠯᠳᠠ ᠶᠢ ᠲᠦᠷᠭᠡᠳᠭᠡᠨ᠎ᠠ᠃ ᠦᠷᠭᠡᠰᠤᠳᠤ ᠭᠡᠮᠭᠡ ᠬᠤᠸᠠᠷᠯᠠᠬᠤ ᠬᠤᠭᠤᠴᠠᠭᠠᠨ ᠳᠤ ᠬᠠᠷ᠎ᠠ ᠴᠠᠭᠠᠰᠤ ᠪᠤᠶᠤ ᠬᠠᠯᠬᠠᠪᠴᠢ ᠡᠳ᠋ ᠢᠶᠠᠷ ᠬᠠᠯᠬᠠᠯᠠᠵᠤ ᠦᠭᠪᠠᠯ ᠲᠤᠩ ᠰᠠᠶᠢᠨ᠃ ᠦᠷᠭᠡᠰᠤᠳᠤ ᠭᠡᠮᠭᠡ ᠶᠢᠨ ᠡᠳᠦᠷ ᠤᠨ ᠭᠡᠷᠡᠯ ᠤᠨ ᠲᠤᠰᠤᠯᠳᠠ ᠶᠢ 9 ᠴᠠᠭ ᠠᠴᠠ ᠭᠡᠳᠦᠷᠡᠭᠦᠯᠭᠦ ᠦᠭᠡᠢ ᠪᠤᠯ ᠬᠠᠮᠤᠭ ᠰᠠᠶᠢᠨ᠃ ᠨᠠᠪᠴᠢᠯᠠᠭᠠᠳ 10᠎ ᠠᠴᠠ 30 ᠡᠳᠦᠷ ᠤᠨ ᠬᠤᠭᠤᠷᠤᠨᠳᠤ ᠡᠳᠦᠷ ᠤᠨ ᠲᠤᠯᠠᠭᠠᠨ ᠤ ᠭᠡᠮᠵᠢᠶ᠎ᠠ 14 —15 ᠭᠷᠠᠳᠦ᠋ᠰ᠂ ᠰᠦᠨᠢ ᠶᠢᠨ ᠲᠤᠯᠠᠭᠠᠨ ᠤ  ᠭᠡᠮᠵᠢᠶ᠎ᠠ ᠶᠢ 25 — 28 ᠭᠷᠠᠳᠦ᠋ᠰ ᠪᠠᠶᠢᠯᠭᠠᠪᠠᠯ ᠬᠠᠮᠤᠭ ᠰᠠᠶᠢᠨ᠃  
 
ᠢᠷᠡᠯᠲᠡ᠄ ᠤᠷᠳᠤᠰ ᠤᠨ ᠡᠳᠤᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号