ᠬᠠᠮᠤᠭ ᠤᠨ ᠦᠨ᠎ᠡ ᠦᠷᠳᠡᠭ ᠲᠠᠢ ᠪᠡᠯᠡ ᠤᠷᠤᠭᠤᠯᠤᠯᠳᠠ
ᠨᠡᠶᠢᠲᠡᠯᠡᠭᠰᠡᠨ ᠴᠠᠭ᠄
2019-11-21
            ᠬᠠᠮᠤᠭ ᠤᠨ ᠦᠨ᠎ᠡ ᠦᠷᠳᠡᠭ ᠲᠠᠢ ᠪᠡᠯᠡ ᠤᠷᠤᠭᠤᠯᠤᠯᠳᠠ ᠪᠤᠯ              ᠡᠷᠡᠬᠦᠯ ᠮᠡᠨᠳᠦ ᠶᠢᠨ ᠪᠡᠯᠡ ᠤᠷᠤᠭᠤᠯᠤᠯᠳᠠ ᠮᠦᠨ                                                   ᠬᠠᠶᠢᠴᠢᠩ                                                        ᠤᠳᠤᠬᠠᠨ᠎ᠠ ᠠᠵᠦ ᠠᠬᠤᠢ ᠶᠢᠨ ᠬᠦᠭᠵᠢᠯᠳᠡ ᠶᠢ ᠳᠠᠭᠠᠯᠳᠤᠨ ᠬᠦᠮᠦᠰ ᠤᠨ ᠠᠮᠢᠳᠤᠷᠠᠯ ᠤᠨ ᠬᠢᠷᠢ ᠲᠦᠪᠰᠢᠨ ᠠᠯᠬᠤᠮ ᠠᠯᠬᠤᠮ ᠢᠶᠠᠷ ᠳᠡᠬᠡᠭᠰᠢᠯᠡᠵᠦ᠂ ᠡᠷᠡᠬᠦᠯ ᠴᠢᠬᠢᠷᠠᠭ ᠶᠠᠪᠤᠬᠤ ᠬᠦᠰᠡᠯ ᠡᠷᠡᠮᠡᠯᠵᠡᠯ ᠨᠢ ᠤᠯᠠᠮ ᠠᠴᠠ ᠤᠯᠠᠮ ᠨᠡᠮᠡᠭᠳᠡᠪᠡ᠃ ︽ᠠᠭᠤᠯᠠ ᠶᠢᠨ ᠴᠢᠨᠡᠬᠡᠨ ᠠᠯᠳᠠ ᠠᠴᠠ ᠤᠳᠠᠰᠤᠨ ᠴᠢᠨᠡᠬᠡᠨ ᠠᠮᠢ ᠳᠡᠭᠡᠷ᠎ᠡ︾ ᠬᠡᠳᠡᠭ ᠢᠶᠠᠷ ᠡᠷᠡᠬᠦᠯ ᠪᠤᠯ ᠡᠷᠳᠡᠨᠢ ᠠᠴᠠ ᠴᠢᠬᠤᠯᠠ ᠶᠤᠮ᠃ ᠡᠶᠢᠮᠦ ᠠᠴᠠ ᠬᠦᠮᠦᠰ ᠡᠷᠡᠬᠦᠯ ᠴᠢᠬᠢᠷᠠᠭ ᠶᠠᠪᠤᠵᠦ ᠤᠷᠳᠤ ᠨᠠᠰᠤᠯᠠᠵᠦ ᠤᠳᠠᠭᠠᠨ ᠵᠢᠷᠭᠠᠬᠤ ᠨᠢ ᠨᠢᠬᠡᠨ ᠵᠦᠢ ᠶᠤᠰᠤᠨ ᠤ ᠬᠡᠷᠡᠭ ᠪᠤᠯᠤᠨ᠎ᠠ᠃      ᠤᠳᠤᠬᠠᠨ ᠤ ︽ᠭᠤᠷᠪᠠᠨ ᠤᠷᠢᠳᠴᠢᠯᠡᠯ︾ ︵ᠤᠷᠢᠳᠴᠢᠯᠠᠨ ᠦᠳᠡᠯᠬᠦ᠂ ᠤᠷᠢᠳᠴᠢᠯᠡᠨ ᠡᠪᠡᠳᠴᠢᠯᠡᠬᠦ᠂ ᠤᠷᠢᠳᠴᠢᠯᠠᠨ ᠦᠬᠦᠬᠦ︶᠎ ᠤᠨ ᠦᠵᠡᠭᠳᠡᠯ ᠨᠢ ᠶᠠᠭ ᠳᠠᠰᠤᠷᠠᠯᠳᠠ ᠦᠬᠡᠢ ᠬᠦᠭᠵᠢᠵᠦ ᠪᠠᠶᠢᠭ᠎ᠠ ᠡᠮᠨᠡᠯᠬᠡ ᠶᠢᠨ ᠮᠡᠷᠬᠡᠵᠢᠯ ᠢ ᠳᠡᠷᠰᠯᠡᠨ ᠵᠦᠷᠢᠴᠡᠵᠦ ᠪᠤᠢ᠃ ᠨᠡᠩᠳᠡ ᠬᠦᠮᠦᠰ ᠲᠤ ᠰᠠᠨᠠᠭᠤᠯᠤᠮᠵᠢ ᠪᠤᠯᠵᠦ ᠪᠠᠶᠢᠭ᠎ᠠ ᠵᠦᠢᠯ ᠬᠡᠪᠡᠯ᠄ ᠤᠷᠴᠢᠨ ᠠᠬᠤᠢ ᠶᠢᠨ ᠪᠤᠬᠢᠷᠳᠤᠯ᠂ ᠠᠮᠢᠳᠤᠷᠠᠯ ᠤᠨ ᠠᠷᠭ᠎ᠠ ᠮᠠᠶ᠋ᠢᠭ ᠤᠨ ᠬᠤᠪᠢᠷᠠᠯᠳᠠ᠂ ᠢᠳᠡᠬᠡᠨ ᠤᠮᠳᠠᠭᠠᠨ ᠤ ᠪᠦᠲᠦᠴᠡ ᠶᠢᠨ ᠬᠤᠪᠢᠷᠠᠯᠳᠠ ᠵᠡᠷᠬᠡ ᠨᠢ ᠡᠷᠡᠬᠦᠯ ᠮᠡᠨᠳᠦ ᠶᠢ ᠰᠦᠷᠳᠡᠬᠦᠯᠵᠦ ᠪᠠᠶᠢᠭ᠎ᠠ ︽ᠵᠢᠩᠬᠢᠨᠢ ᠬᠡᠷᠡᠭ ᠤᠨ ᠲᠦᠷᠦᠬᠦᠦ︾ ᠮᠦᠨ᠃ ᠡᠶᠢᠮᠦ ᠠᠴᠠ ᠳᠡᠯᠡᠬᠡᠢ ᠶᠢᠨ ᠡᠷᠡᠬᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠠᠴᠠ ︽ᠡᠷᠡᠬᠦᠯ ᠴᠢᠬᠢᠷᠠᠭ ᠢ ᠨᠦᠯᠦᠬᠡᠯᠡᠬᠦ ᠡᠯᠧᠮᠧᠨ᠋ᠲ ᠤᠨ ᠲᠤᠲᠤᠷ᠎ᠠ ᠦᠪᠡᠷ ᠤᠨ ᠪᠡᠶ᠎ᠡ ᠪᠠᠨ ᠡᠷᠡᠬᠦᠯᠵᠢᠬᠦᠯᠬᠦ ᠨᠢ 60% ᠬᠤᠪᠢ ᠶᠢ ᠡᠵᠡᠯᠡᠨ᠎ᠡ︾ ᠬᠡᠵᠦ ᠰᠠᠨᠠᠭᠤᠯᠵᠠᠢ᠃      ᠪᠢᠳᠠ ᠪᠡᠶ᠎ᠡ ᠪᠠᠨ ᠳᠠᠪᠢᠨ ᠵᠢᠯ ᠬᠠᠷᠠᠭᠠᠯᠵᠠᠪᠠᠯ᠂ ᠳᠡᠷᠡ ᠮᠦᠨ ᠪᠢᠳᠠᠨ ᠢ ᠳᠠᠪᠢᠨ ᠵᠢᠯ ᠬᠠᠷᠠᠭᠠᠯᠵᠠᠨ᠎ᠠ︔ ᠪᠢᠳᠠ ᠳᠡᠬᠦᠨ ᠢ ᠳᠠᠪᠢᠨ ᠵᠢᠯ ᠳᠠᠷᠴᠢᠯᠭᠠᠪᠠᠯ᠂ ᠳᠡᠷᠡ ᠨᠢ ᠪᠢᠳᠠᠨ ᠢ ᠵᠦᠪᠬᠡᠨ ᠬᠤᠷᠢᠨ ᠵᠢᠯ ᠳᠠᠷᠴᠢᠯᠭᠠᠨ᠎ᠠ᠃ ᠬᠡᠷᠪᠡ ᠡᠷᠡᠬᠦᠯ ᠴᠢᠬᠢᠷᠠᠭ ᠢ ᠳᠠᠩᠰᠠ ᠶᠢᠨ ᠡᠵᠡᠨ ᠡᠷᠦᠬᠡ ᠪᠠᠷ ᠦᠢᠯᠡᠳᠬᠡᠪᠡᠯ ᠶᠡᠷᠦ ᠨᠢ ᠪᠢᠳᠠᠨ ᠤ ᠵᠠᠷᠤᠯᠭ᠎ᠠ ᠨᠢ ᠬᠡᠳᠦᠷᠡᠬᠡᠳ ᠬᠠᠷᠢᠨ ᠪᠡᠯᠡ ᠤᠷᠤᠭᠤᠯᠤᠯᠳᠠ ᠨᠢ ᠬᠤᠮᠰᠠᠳᠠᠭᠰᠠᠨ ᠪᠠᠶᠢᠭ᠎ᠠ᠃ ᠡᠬᠦᠨ ᠤ ᠤᠯᠠᠮ ᠠᠴᠠ ᠬᠡᠵᠢᠶ᠎ᠠ ᠨᠢᠬᠡᠨ ᠡᠳᠦᠷ ᠡᠷᠡᠬᠦᠯ ᠴᠢᠬᠢᠷᠠᠭ ᠨᠢ ᠳᠠᠮᠫᠤᠷᠠᠬᠤ ᠠᠶᠤᠯᠳᠠᠢ᠃ ᠳᠡᠬᠡᠪᠡᠯ ᠡᠷᠡᠬᠦᠯ ᠴᠢᠬᠢᠷᠠᠭ ᠲᠤ ᠬᠡᠷᠬᠢᠨ ᠪᠡᠯᠡ ᠤᠷᠤᠭᠤᠯᠤᠯᠳᠠ ᠬᠢᠬᠦ ᠪᠤᠢ︖      ᠶᠠᠭᠤᠨ ᠤ ᠡᠮᠦᠨ᠎ᠡ ᠪᠡᠯᠡ ᠤᠷᠤᠭᠤᠯᠤᠯᠳᠠ ᠬᠢᠬᠦ ᠶᠢ ᠰᠤᠷᠬᠤ ᠬᠡᠷᠡᠭᠳᠡᠢ᠃      ᠮᠠᠰᠢ ᠠᠷᠪᠢᠨ ᠬᠦᠮᠦᠰ ᠨᠢ ᠡᠪᠡᠳᠴᠢᠨ ᠢᠶᠠᠷ ᠦᠬᠦᠭᠰᠡᠨ ᠪᠢᠰᠢ᠂ ᠬᠠᠷᠢᠨ ᠮᠡᠳᠡᠯᠬᠡ ᠬᠤᠮᠰᠠ ᠠᠴᠠ ᠪᠤᠯᠵᠦ ᠦᠬᠦᠭᠰᠡᠨ ᠨᠢ ᠦᠨᠡᠳᠡᠢ᠃ ᠤᠳᠤ ᠦᠶ᠎ᠡ ᠶᠢᠨ ᠪᠤᠯᠪᠠᠰᠤᠨ ᠡᠪᠡᠳᠴᠢᠨ ᠢ ᠪᠤᠳᠠᠰ ᠤᠨ ᠠᠮᠢᠳᠤᠷᠠᠯ ᠤᠨ ᠰᠠᠶᠢᠵᠢᠷᠠᠯᠳᠠ ᠨᠢ ᠠᠪᠴᠢᠷᠠᠭᠰᠠᠨ ᠪᠢᠰᠢ᠂ ᠬᠠᠷᠢᠨ ᠡᠷᠡᠬᠦᠯ ᠮᠡᠨᠳᠦ ᠶᠢᠨ ᠲᠤᠬᠠᠢ ᠮᠡᠳᠡᠯᠬᠡ ᠬᠤᠮᠰᠠᠳᠠᠭᠰᠠᠨ ᠠᠴᠠ ᠤᠷᠰᠢᠭᠳᠠᠭᠰᠠᠨ ᠪᠠᠶᠢᠭ᠎ᠠ ᠶᠤᠮ᠃ ᠵᠠᠮ ᠤᠨ ᠶᠠᠷᠢᠶ᠎ᠠ ᠵᠠᠭᠤᠷ᠎ᠠ ᠶᠢᠨ ᠰᠤᠨᠤᠰᠬᠠᠯ ᠤᠨ ᠬᠡᠰᠡᠭ ᠪᠤᠰᠠᠭ ᠮᠡᠳᠡᠯᠬᠡ ᠨᠢ ᠮᠠᠨ ᠤ ᠰᠢᠨᠵᠢᠯᠡᠬᠦ ᠤᠬᠠᠭᠠᠨᠴᠢ ᠠᠮᠢᠳᠤᠷᠠᠯ ᠢ ᠵᠢᠯᠤᠭᠤᠳᠴᠦ ᠴᠢᠳᠠᠬᠤ ᠦᠬᠡᠢ᠃ ᠬᠠᠷᠢᠨ ᠰᠢᠰᠲ᠋ᠧᠮ ᠲᠠᠢ ᠰᠤᠷᠤᠯᠴᠠᠯᠭ᠎ᠠ ᠪᠤᠯ ᠰᠠᠶ᠋ᠢ ᠪᠢᠳᠠᠨ ᠳᠤ ᠬᠡᠷᠬᠢᠨ ᠵᠦᠪ ᠰᠠᠶᠢᠬᠠᠨ ᠢᠳᠡᠵᠦ ᠤᠤᠭᠤᠬᠤ᠂ ᠤᠨᠳᠠᠵᠦ ᠠᠮᠠᠷᠠᠬᠤ ᠶᠢ ᠵᠢᠭᠠᠨ ᠰᠤᠷᠭᠠᠵᠦ᠂ ᠡᠬᠦᠨ ᠤ ᠤᠯᠠᠮ ᠢᠶᠠᠷ ᠰᠠᠶᠢᠨ ᠰᠠᠶᠢᠬᠠᠨ ᠠᠮᠢᠳᠤᠷᠠᠯ ᠤᠨ ᠳᠠᠳᠬᠠᠯ ᠲᠠᠢ ᠪᠤᠯᠵᠦ ᠬᠡᠵᠢᠶᠡᠳᠡ ᠴᠤᠭ ᠵᠢᠪᠬᠤᠭ᠎ᠠ ᠳᠡᠬᠦᠯᠳᠡᠷ ᠪᠤᠯᠬᠤ ᠶᠤᠮ᠃      ᠴᠢᠮᠡᠭᠡ ᠵᠠᠩᠬᠢ ᠶᠢᠨ ᠴᠠᠭ ᠡᠷᠢᠨ ᠪᠢᠳᠠᠨ ᠳᠤ ᠬᠡᠵᠢᠶ᠎ᠠ ᠬᠠᠮᠢᠭ᠎ᠠ ᠴᠦ ᠬᠡᠳ ᠠᠳᠠᠯᠢ ᠪᠤᠰᠤ ᠶᠢᠨ ᠮᠡᠳᠡᠯᠬᠡ ᠶᠢ ᠤᠯᠭᠤᠵᠦ ᠪᠠᠶᠢᠳᠠᠭ᠃ ᠬᠡᠪᠡᠴᠦ ᠡᠷᠡᠬᠦᠯ ᠮᠡᠨᠳᠦ ᠶᠢᠨ ᠲᠤᠬᠠᠢ ᠮᠡᠳᠡᠯᠬᠡ ᠶᠢ ᠴᠢ ᠴᠤᠬᠤᠮ ᠬᠡᠳᠦᠢ ᠤᠯᠤᠭᠰᠠᠨ ᠪᠤᠯ︖ ᠮᠠᠰᠢ ᠠᠷᠪᠢᠨ ᠬᠦᠮᠦᠨ ᠰᠢᠮ᠎ᠡ ᠳᠡᠵᠢᠬᠡᠯ ᠢ ᠴᠢᠬᠤᠯᠠᠴᠢᠯᠠᠳᠠᠭ ᠪᠤᠯᠪᠠᠴᠤ ᠬᠦᠳᠡᠯᠬᠡᠬᠡᠨ ᠬᠢᠬᠦ ᠶᠤᠰᠤ ᠶᠢ ᠤᠮᠳᠤᠭᠠᠶᠢᠯᠠᠳᠠᠭ᠃ ᠬᠦᠮᠦᠨ ᠦᠳᠡᠯᠬᠦ ᠨᠢ ᠵᠠᠶᠢᠯᠠᠰᠢ ᠦᠬᠡᠢ᠂ ᠬᠡᠪᠡᠴᠦ ᠬᠢᠵᠢᠶᠡᠯ ᠨᠠᠰᠤᠨ ᠤ ᠬᠦᠮᠦᠰ ᠵᠤᠬᠢᠰᠳᠠᠢ ᠬᠦᠳᠡᠯᠬᠡᠬᠡᠨ ᠬᠢᠭᠰᠡᠨ ᠢᠶᠠᠷ ᠪᠡᠶ᠎ᠡ ᠶᠢᠨ ᠡᠯ᠎ᠡ ᠡᠷᠬᠡᠳᠡᠨ ᠤ ᠬᠦᠭᠰᠢᠷᠡᠯ ᠲᠤᠷᠤᠶᠢᠳᠠᠯ ᠢ ᠵᠤᠬᠢᠬᠤ ᠬᠡᠮᠵᠢᠶ᠎ᠠ ᠪᠠᠷ ᠬᠤᠶᠢᠰᠢᠯᠠᠭᠤᠯᠵᠦ ᠪᠤᠯᠬᠤ ᠶᠢ ᠡᠷᠳᠡᠮᠳᠡᠳ ᠨᠤᠳᠠᠯᠠᠵᠦ ᠪᠠᠶᠢᠨ᠎ᠠ᠃ ᠡᠶᠢᠮᠦ ᠠᠴᠠ ᠰᠢᠨᠵᠢᠯᠡᠬᠦ ᠤᠬᠠᠭᠠᠨᠴᠢ ᠪᠠᠷ ᠪᠡᠶ᠎ᠡ ᠎ ᠪᠠᠨ ᠴᠢᠬᠢᠷᠠᠭᠵᠢᠭᠤᠯᠬᠤ ᠮᠡᠳᠡᠯᠬᠡ ᠶᠢ ᠬᠡᠨ ᠴᠦ ᠬᠡᠳ ᠮᠡᠳᠡᠵᠦ ᠠᠪᠬᠤ ᠴᠢᠬᠤᠯᠠ ᠲᠠᠢ ᠪᠠᠶᠢᠨ᠎ᠠ᠃       ᠳᠠᠷᠠᠭᠠᠯᠠᠪᠠᠯ ᠪᠡᠯᠡ ᠤᠷᠤᠭᠤᠯᠬᠤ ᠴᠠᠭ ᠢ ᠰᠠᠶᠢᠳᠦᠷ ᠡᠵᠡᠮᠳᠡᠬᠦ ᠴᠢᠬᠤᠯᠠᠳᠠᠢ᠃ ᠲᠤᠬᠠᠶᠢᠯᠠᠪᠠᠯ᠂ ᠦᠷᠯᠦᠬᠡ ᠎ ᠶᠢᠨ ᠬᠤᠭᠤᠯᠠ ᠪᠤᠯ ᠨᠢᠬᠡ ᠡᠳᠦᠷ ᠤᠨ ᠭᠤᠷᠪᠠᠨ ᠴᠠᠭ ᠤᠨ ᠬᠤᠭᠤᠯᠠᠨ ᠤ ᠴᠢᠬᠤᠯᠠ ᠪᠠᠶᠢᠷᠢ ᠶᠢ ᠡᠵᠡᠯᠡᠵᠦ ᠪᠠᠶᠢᠳᠠᠭ ᠃ ᠨᠡᠶᠢᠬᠡᠮ ᠳᠡᠬᠡᠷ᠎ᠡ ᠶᠡᠷᠦ ᠨᠢ᠄ ︽ᠨᠡᠶᠢᠳᠡ ᠶᠢᠨ ᠮᠠᠰᠢᠨ ᠳᠤ ᠰᠠᠭᠤᠵᠦ ᠠᠵᠢᠯ ᠳᠤ ᠭᠠᠷᠬᠤ ᠬᠦᠮᠦᠨ ᠦᠷᠯᠦᠬᠡ ᠎ ᠶᠢᠨ ᠬᠤᠭᠤᠯᠠ ᠢᠳᠡᠬᠦ ᠴᠠᠭ ᠦᠬᠡᠢ᠂ ᠮᠠᠰᠢᠨ ᠬᠦᠯᠦᠰᠦᠯᠡᠨ ᠠᠵᠢᠯ ᠳᠤ ᠭᠠᠷᠬᠤ ᠬᠦᠮᠦᠨ ᠦᠷᠯᠦᠬᠡ ᠶᠢᠨ ᠬᠤᠭᠤᠯᠠ ᠪᠠᠨ ᠳᠡᠷᠬᠡᠨ ᠳᠡᠬᠡᠷ᠎ᠡ ᠢᠳᠡᠵᠦ᠂ ᠦᠪᠡᠷ ᠢᠶᠠᠨ ᠮᠠᠰᠢᠨ ᠪᠠᠷᠢᠵᠦ ᠠᠵᠢᠯ ᠳᠤ ᠭᠠᠷᠬᠤ ᠬᠦᠮᠦᠨ ᠦᠷᠯᠦᠬᠡ ᠪᠤᠯᠤᠨ ᠦᠳᠡ ᠶᠢᠨ ᠬᠤᠭᠤᠯᠠ ᠶᠢ ᠬᠠᠮᠳᠤᠷᠠᠭᠤᠯᠤᠭᠠᠳ ᠢᠳᠡᠳᠡᠭ︾ ᠬᠡᠰᠡᠨ ᠶᠠᠷᠢᠶ᠎ᠠ ᠤᠯᠠᠮᠵᠢᠯᠠᠵᠦ ᠪᠠᠶᠢᠳᠠᠭ᠃ ᠪᠢᠳᠠ ᠬᠡᠷᠪᠡ ᠡᠷᠡᠬᠦᠯ ᠴᠢᠬᠢᠷᠠᠭ ᠪᠡᠶ᠎ᠡ ᠲᠠᠢ ᠪᠠᠶᠢᠶ᠎ᠠ ᠬᠡᠵᠦ ᠰᠠᠨᠠᠪᠠᠯ ᠡᠷᠬᠡᠪᠰᠢ ᠡᠷᠳᠡ ᠪᠤᠰᠴᠦ ᠦᠷᠯᠦᠬᠡ ᠶᠢᠨ ᠬᠤᠭᠤᠯᠠ ᠪᠠᠨ ᠵᠠᠪᠠᠯ ᠢᠳᠡᠭᠰᠡᠨ ᠪᠠᠶᠢᠬᠤ ᠮᠦᠷᠳᠡᠬᠡᠨ ᠪᠤᠰᠤᠳ ᠴᠠᠭ ᠤᠨ ᠬᠤᠭᠤᠯᠠ ᠶᠢ ᠴᠦ ᠲᠤᠭᠳᠠᠭᠰᠠᠨ ᠴᠠᠭ ᠎ ᠲᠤ ᠨᠢ ᠢᠳᠡᠬᠦ ᠶᠢ ᠠᠩᠬᠠᠷᠬᠤ ᠬᠡᠷᠡᠭᠳᠡᠢ᠃      ᠪᠠᠰᠠ ᠲᠤᠩ ᠠᠷᠪᠢᠨ ᠬᠦᠮᠦᠨ ᠦᠪᠡᠷ ᠤᠨ ᠪᠡᠶ᠎ᠡ ᠪᠠᠨ ᠦᠩᠬᠡᠷᠡᠭᠰᠡᠨ ᠳᠤ ᠬᠦᠷᠬᠦ ᠦᠬᠡᠢ ᠪᠤᠯᠵᠠᠢ ᠬᠡᠵᠦ ᠭᠤᠮᠤᠳᠠᠵᠦ ᠪᠤᠢ᠃ ᠳᠡᠬᠡᠪᠡᠯ ᠶᠠᠭᠤᠨ ᠳᠤ ᠡᠶᠢᠮᠦ ᠪᠤᠯᠤᠭᠰᠠᠨ ᠳᠤᠬᠠᠢ ᠲᠠ ᠪᠤᠳᠤᠯᠬᠢᠯᠠᠵᠦ ᠦᠩᠬᠡᠷᠡᠭᠰᠡᠨ ᠤᠤ︖ ᠤᠴᠢᠷ ᠨᠢ ᠲᠠ ᠬᠦᠳᠡᠯᠬᠡᠬᠡᠨ ᠬᠢᠵᠦ ᠪᠡᠶ᠎ᠡ ᠪᠠᠨ ᠪᠤᠯᠪᠠᠰᠤᠷᠠᠭᠤᠯᠬᠤ ᠨᠠᠨᠳᠢᠨ ᠴᠠᠭ ᠢ ᠪᠦᠷ ᠤᠨᠳᠠᠵᠦ ᠨᠤᠶᠢᠷᠰᠤᠬᠤ᠂ ᠬᠤᠷᠠᠯ ᠴᠤᠭᠯᠠᠭᠠᠨ᠂ ᠺᠤᠮᠫᠢᠦ᠋ᠲ᠋ᠧᠷ ᠦᠵᠡᠬᠦ ᠪᠠ ᠪᠤᠯᠵᠤᠭ᠎ᠠ ᠠᠭᠤᠯᠵᠠᠯᠳᠠ ᠵᠡᠷᠬᠡ ᠳᠤ ᠬᠡᠷᠡᠭᠯᠡᠭᠰᠡᠨ ᠪᠠᠶᠢᠳᠠᠭ᠃ ᠡᠶᠢᠮᠦ ᠠᠴᠠ ᠪᠡᠶ᠎ᠡ ᠶᠢᠨ ᠪᠤᠯᠪᠠᠰᠤᠷᠠᠯ ᠳᠤ ᠵᠤᠬᠢᠬᠤ ᠴᠠᠭ ᠭᠠᠷᠭᠠᠬᠤ ᠮᠦᠷᠳᠡᠬᠡᠨ ᠡᠷᠬᠡᠪᠰᠢ ᠭᠠᠷᠭᠠᠬᠤ ᠴᠢᠬᠤᠯᠠᠳᠠᠢ ᠰᠠᠨ᠃      ᠬᠠᠮᠤᠭ ᠰᠡᠬᠦᠯ ᠳᠤ ᠨᠢ ᠬᠠᠳᠠᠭᠤ ᠵᠤᠷᠢᠭ ᠢᠶᠠᠷ ᠪᠡᠯᠡ ᠤᠷᠤᠭᠤᠯᠤᠯᠳᠠ ᠪᠠᠨ ᠪᠠᠶᠢᠩᠭᠤ ᠪᠠᠷᠢᠮᠳᠠᠯᠠᠬᠤ ᠬᠡᠷᠡᠭᠳᠡᠢ ᠃ ᠮᠡᠳᠡᠵᠦ ᠪᠠᠶᠢᠭᠠᠳ ᠬᠢᠬᠦ ᠦᠬᠡᠢ ᠪᠤᠯᠪᠠᠰᠤ ᠮᠡᠳᠡᠭᠰᠡᠨ ᠦᠬᠡᠢ ᠲᠠᠢ ᠠᠳᠠᠯᠢ︔ ᠬᠢᠬᠡᠳ ᠦᠷ᠎ᠡ ᠪᠦᠲᠦᠮᠵᠢ ᠦᠬᠡᠢ ᠪᠤᠯᠪᠠᠰᠤ ᠬᠢᠭᠰᠡᠨ ᠦᠬᠡᠢ ᠲᠠᠢ ᠠᠳᠠᠯᠢ᠃ ᠳᠡᠷᠡᠬᠦ ᠦᠩᠬᠡᠷᠡᠭᠰᠡᠨ ᠤ ᠵᠦᠪ ᠪᠤᠰᠤ ᠳᠠᠳᠬᠠᠯ ᠢᠶᠠᠨ ᠬᠠᠯᠠᠵᠦ ᠦᠬᠡᠷᠡᠴᠢᠯᠡᠬᠦ ᠴᠢᠬᠤᠯᠠᠳᠠᠢ ᠮᠦᠷᠳᠡᠬᠡᠨ ᠶᠡᠬᠡᠬᠡᠨ ᠬᠦᠴᠦ ᠵᠠᠷᠤᠴᠠᠭᠤᠯᠵᠦ ᠪᠠᠶᠢᠭᠠᠳ ᠨᠢᠬᠡᠨ ᠤᠬᠢ ᠰᠠᠶᠢᠨ ᠰᠢᠨ᠎ᠡ ᠳᠠᠳᠬᠠᠯ ᠢ ᠪᠤᠢ ᠪᠤᠯᠭᠠᠭᠠᠳ ᠡᠬᠦᠨ ᠢᠶᠠᠷ ᠢᠶᠠᠨ ᠬᠠᠭᠤᠴᠢᠨ ᠮᠠᠭᠤ ᠳᠠᠳᠬᠠᠯ ᠢ ᠤᠷᠤᠯᠠᠭᠤᠯᠬᠤ ᠬᠡᠷᠡᠭᠳᠡᠢ᠃ ᠡᠷᠡᠬᠦᠯ ᠴᠢᠬᠢᠷᠠᠭ ᠠᠮᠢᠳᠤᠷᠠᠯ ᠤᠨ ᠦᠵᠡᠯᠳᠡ ᠶᠢ ᠴᠢᠩᠳᠠ ᠪᠠᠷᠢᠮᠳᠠᠯᠠᠵᠦ᠂ ᠬᠤᠭᠤᠯᠠ ᠤᠮᠳᠠ᠂ ᠠᠵᠢᠯᠯᠠᠵᠦ ᠠᠮᠠᠷᠠᠬᠤ ᠪᠠ ᠬᠦᠳᠡᠯᠬᠡᠬᠡᠨ ᠬᠢᠬᠦ ᠶᠢᠨ ᠠᠯᠢᠥ ᠨᠢᠬᠡᠨ ᠳᠡᠬᠡᠷ᠎ᠡ ᠨᠢ ᠴᠦ ᠬᠡᠳ ᠬᠠᠳᠠᠭᠤ ᠵᠤᠷᠢᠭ ᠢ ᠪᠠᠷᠢᠨ ᠡᠷᠡᠬᠦᠯ ᠴᠢᠬᠢᠷᠠᠭ ᠠᠮᠢᠳᠤᠷᠠᠬᠤ ᠰᠢᠨᠵᠢᠯᠡᠬᠦ ᠤᠬᠠᠭᠠᠨᠴᠢ ᠵᠠᠮ ᠢᠶᠠᠷ ᠰᠢᠯᠵᠢᠰᠢ ᠦᠬᠡᠢ ᠶᠠᠪᠤᠬᠤ ᠬᠡᠷᠡᠭᠳᠡᠢ᠃      ᠳᠤᠤᠷ᠎ᠠ ᠪᠢ ᠦᠪᠡᠷ ᠤᠨ ᠢᠶᠠᠨ ᠦᠷᠬᠦᠯᠵᠢ ᠪᠠᠷᠢᠮᠳᠠᠯᠠᠳᠠᠭ ᠠᠷᠪᠠᠨ ᠵᠦᠢᠯ ᠤᠨ ᠪᠡᠶ᠎ᠡ ᠡᠷᠡᠬᠦᠯᠵᠢᠬᠦᠯᠬᠦ ᠠᠷᠭ᠎ᠠ ᠎ ᠶᠢ ᠳᠠᠨᠢᠯᠴᠠᠭᠤᠯᠤᠶ᠎ᠠ᠂ ᠡᠨᠡ ᠨᠢ ᠡᠷᠡᠬᠦᠯ ᠴᠢᠬᠢᠷᠠᠭ᠂ ᠪᠠᠶᠠᠷ ᠪᠠᠶᠠᠰᠤᠯ ᠢ ᠠᠪᠴᠢᠷᠠᠬᠤ ᠮᠠᠭᠠᠳ᠃      1. ᠦᠳᠡᠯᠦᠬᠡ ᠨᠠᠰᠤ ᠪᠠᠨ ᠤᠮᠠᠷᠳᠠᠨ᠂ ᠦᠷᠬᠦᠯᠵᠢ ᠵᠠᠯᠠᠭᠤ ᠰᠡᠳᠬᠢᠯᠬᠡ ᠶᠢ ᠬᠠᠳᠠᠭᠠᠯᠠᠵᠦ᠂ ᠠᠮᠢᠳᠤᠷᠠᠯ ᠳᠤ ᠎ ᠪᠠᠨ ᠪᠠᠶᠠᠰᠤᠩᠭᠤᠢ ᠤᠪᠤᠷ ᠢᠶᠠᠷ ᠬᠠᠨᠳᠤᠬᠤ ᠬᠡᠷᠡᠭᠳᠡᠢ᠃      2. ᠴᠢᠨᠦ ᠬᠠᠮᠤᠭ ᠤᠨ ᠳᠤᠳᠤᠨᠤᠰᠤᠭ ᠪᠤᠶᠤ ᠬᠠᠮᠤᠭ ᠤᠨ ᠪᠠᠭ᠋ᠠᠷᠬᠠᠬᠤ ᠬᠦᠮᠦᠨ ᠲᠠᠢ ᠪᠠᠨ ᠢᠯᠡᠬᠦᠦ ᠶᠠᠪᠤᠯᠴᠠᠵᠦ᠂ ᠦᠷᠦᠬᠡᠯ ᠤᠯᠠᠨ ᠠᠴᠠ ᠬᠡᠵᠢᠶᠡᠳᠡ ᠰᠠᠯᠬᠤ ᠦᠬᠡᠢ ᠪᠠᠶᠢᠬᠤ ᠪᠠ ᠦᠪᠡᠷ ᠢ ᠪᠠᠨ ᠭᠤᠯᠤᠬᠤ ᠦᠬᠡᠢ ᠪᠠᠶᠢᠬᠤ ᠬᠡᠷᠡᠭᠳᠡᠢ᠃      3. ᠦᠷᠬᠦᠯᠵᠢ ᠱᠤᠭ ᠬᠤᠱᠤᠩ ᠵᠤᠬᠢᠶᠠᠯ ᠢ ᠤᠩᠰᠢᠬᠤ ᠪᠠ ᠬᠤᠱᠤᠩ ᠵᠦᠴᠦᠬᠡ᠂ ᠺᠢᠨᠤ᠋ ᠵᠡᠷᠬᠡ ᠶᠢ ᠰᠤᠨᠢᠷᠬᠠᠵᠦ ᠪᠠᠶᠢᠬᠤ ᠬᠡᠷᠡᠭᠳᠡᠢ᠃ ᠢᠨᠢᠶᠡᠮᠰᠦᠭᠯᠡᠬᠦ ᠪᠤᠶᠤ ᠬᠠᠳᠠᠭᠠᠨᠠᠳᠠᠯ᠎ᠠ ᠢᠨᠢᠶᠡᠬᠦ ᠨᠢ ᠪᠦᠷ ᠴᠦ ᠪᠠᠶᠠᠨ ᠳᠤ ᠠᠰᠢᠭᠳᠡᠢ ᠪᠠᠶᠢᠳᠠᠭ᠃      4. ᠬᠦᠨ ᠨᠤᠶᠢᠷᠰᠤᠬᠤ ᠨᠢ ᠡᠬᠡᠯᠢᠯᠡᠬᠦ ᠴᠢᠳᠠᠯ ᠢ ᠰᠠᠶᠢᠵᠢᠷᠠᠭᠤᠯᠳᠠᠭ᠃ ᠡᠶᠢᠮᠦ ᠠᠴᠠ ᠦᠳᠡᠰᠢ ᠨᠢ ᠰᠠᠶᠢᠨ ᠤᠨᠳᠠᠭᠰᠠᠨ ᠦᠬᠡᠢ ᠪᠤᠯ ᠡᠳᠦᠷ ᠨᠢ ᠦᠳᠡ ᠶᠢᠨ ᠨᠤᠶᠢᠷ ᠢᠶᠠᠷ ᠨᠦᠬᠦᠪᠦᠷᠢᠯᠡᠬᠦ ᠬᠡᠷᠡᠭᠳᠡᠢ᠃ ᠡᠬᠦᠨ ᠳᠤ ᠡᠳᠦᠷ ᠪᠦᠷᠢ 6 — 8 ᠴᠠᠭ ᠤᠨ ᠤᠨᠳᠠᠯᠭ᠎ᠠ ᠶᠢ ᠪᠠᠳᠤᠯᠠᠬᠤ ᠬᠡᠷᠡᠭᠳᠡᠢ᠃      5. ᠠᠮᠢᠳᠤᠷᠠᠯ ᠤᠨ ᠲᠤᠮᠳᠠ ᠳᠠᠷᠤᠯᠳᠠ ᠠᠴᠠ ᠪᠤᠤ ᠠᠶᠤ᠂ ᠦᠷᠢᠰᠦᠯᠳᠦᠬᠡᠨ ᠢ ᠬᠦᠯᠢᠶᠡᠵᠦ᠂ ᠬᠦᠴᠢᠷᠳᠡᠯᠭᠡ ᠎ ᠶᠢ ᠳᠠᠰᠪᠦᠷᠢᠯᠡᠬᠦ ᠭᠡᠷᠡᠭᠳᠡᠢ᠃      6. ᠬᠡᠷᠪᠡ ᠤᠳᠤᠬᠠᠨ ᠤ ᠠᠮᠢᠳᠤᠷᠠᠯ ᠨᠢ ᠰᠤᠨᠢᠷᠬᠠᠯ ᠦᠬᠡᠢ ᠬᠡᠵᠦ ᠰᠠᠨᠠᠭᠳᠠᠪᠠᠯ ᠰᠢᠨ᠎ᠡ ᠬᠠᠷᠠᠯᠳᠠ ᠶᠢ ᠰᠤᠩᠭᠤᠵᠦ᠂ ᠦᠪᠡᠷ ᠤᠨ ᠢᠶᠠᠨ ᠤᠯᠠᠨ ᠳᠠᠯ᠎ᠠ ᠶᠢᠨ ᠲᠤᠷ᠎ᠠ ᠪᠠᠬ᠎ᠠ ᠪᠠᠨ ᠬᠦᠮᠦᠵᠢᠬᠦᠯᠵᠦ᠂ ᠲᠤᠷ᠎ᠠ ᠰᠤᠨᠢᠷᠬᠠᠯ ᠢᠶᠠᠨ ᠦᠷᠬᠡᠳᠬᠡᠬᠦ ᠬᠡᠷᠡᠭᠳᠡᠢ᠃      7. ︽ᠠᠮᠢ ᠨᠠᠰᠤ ᠪᠤᠯ ᠬᠦᠳᠡᠯᠬᠡᠬᠡᠨ ᠤ ᠳᠤᠮᠳᠠ ᠤᠷᠤᠰᠢᠬᠤ︾ ᠤᠴᠢᠷ ᠠᠴᠠ ᠪᠢᠳᠠ ᠤᠯᠠᠨ ᠵᠦᠢᠯ ᠤᠨ ᠠᠷᠭ᠎ᠠ ᠪᠠᠷ ᠪᠡᠶ᠎ᠡ ᠪᠠᠨ ᠴᠢᠬᠢᠷᠠᠭᠵᠢᠭᠤᠯᠬᠤ ᠬᠦᠳᠡᠯᠬᠡᠬᠡᠨ ᠢ ᠪᠠᠶᠢᠩᠭᠤ ᠬᠢᠬᠦ ᠬᠡᠷᠡᠭᠳᠡᠢ᠃ ᠦᠷᠯᠦᠬᠡ ᠪᠡᠶ᠎ᠡ ᠪᠠᠨ ᠪᠤᠯᠪᠠᠰᠤᠷᠠᠭᠤᠯᠵᠦ᠂ ᠦᠳᠡᠰᠢ ᠰᠡᠯᠡᠬᠦᠴᠡᠨ ᠠᠯᠬᠤᠨ᠎ᠠ᠃ ᠬᠦᠳᠡᠯᠬᠡᠬᠡᠨ ᠢᠶᠠᠷ ᠮᠠᠷᠢᠶ᠎ᠠ ᠪᠠᠨ ᠱᠤᠭᠤᠷᠠᠭᠤᠯᠬᠤ ᠬᠡᠷᠡᠭᠳᠡᠢ      8. ᠡᠪᠡᠳᠴᠢᠯᠡᠪᠡᠯ ᠳᠡᠷᠡ ᠳᠠᠷᠤᠢ ᠳᠤ ᠨᠢ ᠡᠮᠴᠢ ᠪᠠᠷ ᠦᠵᠡᠬᠦᠯᠬᠦ ᠬᠡᠷᠡᠭᠳᠡᠢ᠃ ᠵᠢᠯ ᠪᠦᠷᠢ ᠨᠢᠬᠡ ᠤᠳᠠᠭ᠎ᠠ ᠪᠡᠶ᠎ᠡ ᠶᠢᠨ ᠪᠠᠶᠢᠴᠠᠭᠠᠯᠳᠠ ᠬᠢᠯᠬᠡᠵᠦ᠂ ᠡᠪᠡᠳᠴᠢᠨ ᠢ ᠪᠠᠭ᠎ᠠ ᠳᠤ ᠨᠢ ᠡᠮᠨᠡᠵᠦ᠂ ᠳᠡᠬᠦᠨ ᠤ ᠰᠦᠷᠳᠡᠬᠦᠯᠦᠯ ᠢ ᠰᠡᠷᠬᠡᠶᠢᠯᠡᠬᠦ ᠬᠡᠷᠡᠭᠳᠡᠢ᠃      9. ᠨᠢᠬᠡᠨ ᠬᠠᠯᠠᠭᠤᠨ ᠳᠤᠳᠤᠨᠤᠰᠤᠭ᠂ ᠡᠶ᠎ᠡ ᠵᠤᠬᠢᠴᠠᠩᠭᠤᠢ᠂ ᠵᠤᠯ ᠵᠢᠷᠭᠠᠯᠳᠠᠢ ᠬᠡᠷ ᠪᠦᠯᠢ ᠶᠢ ᠪᠠᠶᠢᠭᠤᠯᠵᠦ᠂ ᠬᠡᠦᠬᠡᠳ ᠠᠴᠢᠷ ᠲᠠᠢ ᠪᠠᠨ ᠡᠰᠢ ᠤᠭᠰᠠᠭ᠎ᠠ ᠶᠢᠨ ᠡᠪ ᠴᠡᠩᠬᠡᠯ ᠢ ᠡᠳ᠋ᠯᠡᠭᠰᠡᠨ ᠪᠠᠶᠢᠬᠤ᠃      10. ᠪᠠᠶᠠᠨ ᠶᠠᠳᠠᠭᠤ ᠬᠡᠵᠦ ᠢᠯᠭᠠᠯ ᠦᠬᠡᠢ ᠪᠦᠷ ᠢᠳᠡᠬᠡᠨ ᠤᠮᠳᠠᠭᠠᠨ ᠪᠠ ᠠᠮᠢᠳᠤᠷᠠᠯ ᠤᠨ ᠳᠠᠳᠬᠠᠯ ᠤᠨ ᠲᠤᠬᠢᠷᠠᠭᠤᠯᠤᠯᠳᠠ ᠶᠢ ᠠᠩᠬᠠᠷᠴᠤ᠂ ᠰᠢᠨ᠎ᠡ ᠰᠤᠷᠭᠤᠭ ᠨᠤᠭᠤᠭ᠎ᠠ ᠵᠢᠮᠢᠰ ᠢ ᠢᠯᠡᠬᠦᠦ᠂ ᠳᠠᠪᠤᠰᠤ᠂ ᠰᠢᠬᠢᠷ᠂ ᠳᠠᠷᠭᠤᠨ ᠮᠢᠬ᠎ᠠ ᠶᠢ ᠪᠠᠭ᠎ᠠ ᠢᠳᠡᠬᠦ ᠬᠡᠷᠡᠭᠳᠡᠢ᠃ ᠡᠷᠬᠡᠪᠰᠢ ᠳᠤᠭᠳᠠᠭᠰᠠᠨ ᠴᠠᠭ ᠲᠤ ᠪᠠᠨ ᠤᠨᠳᠠᠵᠦ᠂ ᠳᠤᠭᠳᠠᠭᠰᠠᠨ ᠴᠠᠭ ᠲᠤ ᠪᠠᠨ ᠪᠤᠰᠤᠨ᠂ ᠠᠵᠢᠯᠯᠠᠵᠦ ᠠᠮᠠᠷᠠᠬᠤ ᠪᠠᠨ ᠵᠢᠮ᠎ᠡ ᠶᠤᠰᠤᠵᠢᠭᠤᠯᠤᠭᠰᠠᠨ ᠪᠠᠶᠢᠬᠤ ᠬᠡᠷᠡᠭᠳᠡᠢ᠃      ᠡᠷᠡᠬᠦᠯ ᠴᠢᠬᠢᠷᠠᠭ ᠲᠤ ᠡᠵᠡᠩᠨᠡᠯᠳᠡ ᠬᠢᠵᠦ ᠪᠤᠯᠤᠨ᠎ᠠ᠃ ᠡᠬᠦᠨ ᠳᠤ ᠡᠵᠡᠨ ᠨᠢ ᠳᠠᠷᠤᠢ ᠦᠪᠡᠷ ᠢᠶᠠᠨ ᠪᠤᠯᠤᠨ᠎ᠠ᠃ ᠡᠷᠡᠬᠦᠯ ᠴᠢᠬᠢᠷᠠᠭ ᠪᠠᠶᠢᠬᠤ ᠨᠢ ᠠᠯᠢᠪᠠ ᠪᠦᠬᠦᠨ ᠪᠠᠶᠢᠬᠤ ᠶᠢ ᠲᠦᠯᠦᠬᠡᠯᠡᠵᠦ ᠴᠢᠳᠠᠬᠤ ᠦᠬᠡᠢ᠂ ᠬᠡᠪᠡᠴᠦ ᠡᠷᠡᠬᠦᠯ ᠴᠢᠬᠢᠷᠠᠭ ᠢᠶᠠᠨ ᠠᠯᠳᠠᠪᠠᠯ ᠠᠯᠢᠪᠠ ᠪᠦᠬᠦᠨ ᠢᠶᠠᠨ ᠠᠯᠳᠠᠭᠰᠠᠨ ᠶᠠᠪᠤᠳᠠᠯ ᠪᠤᠯᠤᠨ᠎ᠠ᠃ ᠡᠶᠢᠮᠦ ᠠᠴᠠ ᠡᠷᠡᠬᠦᠯ ᠴᠢᠬᠢᠷᠠᠭ ᠶᠠᠪᠤᠬᠤ ᠶᠢ ᠡᠩ ᠳᠡᠷᠢᠬᠦᠨ ᠳᠤ ᠳᠠᠯᠪᠢᠬᠤ ᠬᠡᠷᠡᠭᠳᠡᠢ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号