| ᠰᠠᠴᠤᠷᠠᠭ ᠨᠢ ᠳᠤᠳᠤᠭᠠᠳᠤ ᠱᠦᠭᠦᠷᠡᠯ ᠢ ᠰᠠᠮᠠᠭᠤᠷᠠᠭᠤᠯᠵᠤ᠂ ᠨᠢᠳᠤ ᠬᠠᠭᠤᠷᠠᠶᠢᠰᠢᠭᠤᠯᠵᠤ᠂ ᠰᠡᠳᠭᠢᠯ ᠢ | ᠦᠢᠮᠦᠷᠡᠭᠤᠯᠦᠨ ᠤᠢ ᠪᠢᠯᠢᠭ ᠢ ᠮᠠᠭᠤᠳᠠᠭᠤᠯᠳᠠᠭ᠃ | ᠺᠤᠮᠫᠢᠦ᠋ᠲ᠋ᠧᠷ ᠤᠨ ᠠᠷᠤ ᠳᠠᠯ᠎ᠠ ᠶᠢᠨ ᠰᠠᠴᠤᠷᠠᠭ ᠨᠢ ᠬᠠᠮᠤᠭ ᠤᠨ ᠴᠢᠩᠭ᠎ᠠ᠂ ᠬᠤᠶᠠᠷ ᠬᠠᠵᠠᠭᠤ ᠶᠢᠨ | ᠰᠠᠴᠤᠷᠠᠭ ᠨᠢ ᠳᠠᠷᠠᠭ᠎ᠠ ᠨᠢ ᠤᠷᠤᠳᠠᠭ᠂ ᠢᠢᠮᠦ ᠠᠴᠠ ᠺᠤᠮᠫᠢᠦ᠋ᠲ᠋ᠧᠷ ᠤᠨ ᠠᠷᠤ ᠪᠠ ᠬᠤᠶᠠᠷ ᠬᠠᠵᠠᠭᠤ ᠠᠴᠠ ᠬᠤᠯᠠ | ᠪᠠᠶᠢᠪᠠᠯ ᠵᠤᠬᠢᠨ᠎ᠠ᠃ ᠳᠠᠬᠢᠪᠠᠯ᠂ ᠴᠠᠢ ᠤᠤᠭᠤᠨ᠎ᠠ᠃ ᠴᠠᠢ ᠶᠢᠨ ᠨᠠᠪᠴᠢᠨ ᠳᠤ ᠴᠠᠢ ᠶᠢᠨ ᠹᠧᠨᠤᠯ ᠵᠡᠷᠭᠡ ᠢᠳᠡᠪᠬᠢ | ᠪᠤᠳᠠᠰ ᠪᠠᠶᠢᠵᠤ ᠰᠠᠴᠤᠷᠠᠭ ᠤᠨ ᠪᠤᠬᠢᠷᠳᠤᠯ ᠢ ᠡᠰᠡᠷᠭᠦᠴᠡᠵᠦ᠂ ᠪᠡᠶ᠎ᠡ ᠶᠢᠨ ᠴᠢᠳᠠᠪᠬᠢ ᠶᠢ ᠵᠤᠬᠢᠴᠠᠭᠤᠯᠬᠤ ᠳᠤ | ᠠᠰᠢᠬᠳᠠᠢ ᠪᠠᠶᠢᠳᠠᠭ᠃ ᠺᠤᠮᠫᠢᠦ᠋ᠲ᠋ᠧᠷ ᠭᠡᠷᠡᠭᠯᠡᠭᠰᠡᠨ ᠤ ᠪᠠᠨ ᠳᠠᠷᠠᠭ᠎ᠠ ᠨᠢᠭᠤᠷ ᠭᠠᠷ ᠢᠶᠠᠨ ᠤᠭᠢᠶᠠᠵᠤ᠂ ᠳᠤᠯᠪᠤ | ᠡᠰᠡᠷᠭᠡᠨ᠎ᠠ ᠭᠠᠷᠬᠤ᠂ ᠪᠤᠳᠤᠭᠳᠤ ᠡᠳ᠋ ᠳᠤᠩᠬᠤ ᠪᠤᠶᠤ ᠠᠷᠠᠰᠤ ᠡᠪᠡᠳᠴᠢᠯᠡᠬᠦ ᠠᠴᠠ ᠵᠠᠶᠢᠯᠠᠰᠬᠢᠬᠤ ᠭᠡᠷᠡᠭᠳᠡᠢ᠃ | | | | | ᠺᠤᠮᠫᠢᠦ᠋ᠲ᠋ᠧᠷ ᠤᠨ ᠬᠦᠮᠦᠨ ᠤ ᠪᠡᠶ᠎ᠡ ᠳᠤ ᠦᠵᠡᠭᠦᠯᠬᠦ ᠬᠤᠤᠷ ᠨᠦᠯᠦᠭᠡ | ᠨᠢᠳᠤ᠄ ᠨᠢᠳᠤ ᠬᠠᠭᠤᠷᠠᠶᠢᠰᠢᠬᠤ᠂ ᠨᠢᠳᠤ ᠬᠢᠯᠠᠰᠬᠤ᠂ ᠬᠠᠷᠠᠭ᠎ᠠ ᠪᠠᠯᠠᠷᠠᠬᠤ᠃ | ᠰᠠᠴᠤᠷᠠᠭ ᠤᠨ ᠬᠤᠤᠷ᠄ ᠦᠷᠡᠵᠢᠯ ᠤᠨ ᠴᠢᠳᠠᠪᠤᠷᠢ ᠳᠤᠷᠦ᠋ᠢᠳᠠᠬᠤ᠂ ᠳᠤᠳᠤᠭᠠᠳᠤ | ᠱᠦᠭᠦᠷᠡᠯ ᠰᠠᠮᠠᠭᠤᠷᠠᠬᠤ᠃ | ᠭᠠᠷ ᠬᠤᠷᠤᠭᠤ᠄ ᠭᠠᠷ ᠬᠤᠷᠤᠭᠤ ᠮᠢᠨᠴᠤᠭᠦᠷᠡᠬᠦ᠂ ᠱᠠᠷᠭᠢᠷᠡᠵᠦ ᠴᠢᠨᠦᠷᠡᠬᠦ᠂ ᠬᠦᠰᠢᠬᠦ᠃ | ᠠᠭᠤᠷ ᠤᠴᠠᠭᠠᠷ ᠶᠡᠬᠡᠰᠬᠦ᠄ ᠰᠡᠳᠭᠢᠯ ᠦᠢᠮᠦᠷᠡᠵᠦ᠂ ᠪᠠᠴᠢᠮᠳᠠᠭᠤ ᠪᠤᠯᠤᠨ᠎ᠠ᠃ | ᠬᠦᠵᠦᠭᠦᠦ ᠰᠡᠭᠡᠷ᠄ ᠬᠦᠵᠦᠭᠦᠦ ᠰᠡᠭᠡᠷ᠂ ᠳᠠᠯᠤ ᠮᠦᠷᠦ᠂ ᠨᠢᠷᠤᠭᠤ ᠱᠠᠷᠭᠢᠷᠠᠵᠤ ᠡᠪᠡᠳᠬᠦ᠃ | ᠪᠢᠴᠢᠵᠦ ᠴᠢᠳᠠᠬᠤ ᠦᠭᠡᠢ ᠪᠤᠯᠬᠤ᠄ ᠪᠢᠷ ᠪᠠᠷᠢᠭᠠᠳ ᠦᠰᠦᠭ ᠢᠶᠠᠨ ᠮᠠᠷᠳᠠᠬᠤ᠂ ᠪᠤᠷᠤᠭᠤ ᠵᠦᠷᠢᠭᠦᠦ ᠦᠰᠦᠭ | ᠤᠯᠠᠨ ᠪᠢᠴᠢᠬᠦ᠃ | | | | | | | | |