ᠬᠦᠯᠳᠡᠭᠡᠭᠦᠷ ᠲᠤ ᠬᠠᠳᠠᠭᠠᠯᠠᠵᠤ ᠪᠤᠯᠬᠤ ᠦᠭᠡᠢ ᠢᠳᠡᠭᠡᠨ
ᠨᠡᠶᠢᠲᠡᠯᠡᠭᠰᠡᠨ ᠴᠠᠭ᠄
2018-10-25
     1. ᠴᠤᠺᠤᠯᠠᠳ᠋      ᠴᠤᠺᠤᠯᠠᠳ᠋ ᠢ ᠬᠠᠳᠠᠭᠠᠯᠠᠬᠤ ᠬᠠᠮᠤᠭ ᠤᠨ ᠳᠤᠬᠢᠷᠠᠮᠵᠢᠳᠠᠢ ᠳᠤᠯᠠᠭᠠᠨ ᠨᠢ 5 — 18 ᠭᠷᠡᠳᠦ᠋ᠰ᠃ ᠴᠤᠺᠤᠯᠠᠳ᠋ ᠢ ᠬᠦᠯᠳᠡᠭᠡᠭᠦᠷ ᠲᠤ ᠬᠢᠭᠡᠳ ᠭᠠᠷᠭᠠᠪᠠᠯ᠂ ᠦᠩᠭᠡᠨ ᠳᠠᠯ᠎ᠠ ᠨᠢ ᠴᠠᠩᠳᠤᠵᠤ᠂ ᠦᠨᠦᠷ ᠠᠮᠳᠠ ᠨᠢ ᠮᠠᠭᠤᠳᠠᠳᠠᠭ ᠢᠶᠠᠷ ᠪᠠᠷᠠᠬᠤ ᠦᠭᠡᠢ ᠪᠠᠺᠲ᠋ᠧᠷᠢ ᠦᠷᠡᠵᠢᠬᠦ ᠪᠤᠯᠤᠮᠵᠢ ᠶᠢ ᠪᠤᠢ ᠪᠤᠯᠭᠠᠳᠠᠭ᠃      ᠭᠡᠪᠡᠴᠦ ᠰᠦᠯᠢᠶᠤᠤ ᠤᠭᠤᠳᠠᠨ ᠳᠤ ᠰᠠᠶᠢᠨ ᠪᠢᠳᠡᠭᠦᠮᠵᠢᠯᠡᠭᠡᠳ ᠬᠦᠯᠳᠡᠭᠡᠭᠦᠷ ᠤᠨ ᠬᠦᠢᠳᠡᠨ ᠢᠶᠠᠷ ᠬᠠᠳᠠᠭᠠᠯᠠᠬᠤ ᠳᠠᠰᠤᠯᠭᠠᠨ ᠳᠤ ᠬᠠᠳᠠᠭᠠᠯᠠᠵᠤ ᠪᠤᠯᠤᠨ᠎ᠠ᠃ ᠭᠠᠷᠭᠠᠵᠤ ᠢᠷᠡᠭᠰᠡᠨ ᠤ ᠳᠠᠷᠠᠭ᠎ᠠ ᠳᠠᠷᠦ᠋ᠢᠬᠠᠨ ᠵᠠᠳᠠᠯᠵᠤ᠂ ᠬᠡᠪ ᠤᠨ ᠳᠤᠯᠠᠭᠠᠨ ᠳᠤ ᠬᠦᠷᠦᠭᠰᠡᠨ ᠤ ᠳᠠᠷᠠᠭ᠎ᠠ ᠢᠳᠡᠨ᠎ᠠ᠃
     2. ᠡᠮ ᠤᠨ ᠮᠠᠲ᠋ᠧᠷᠢᠶᠠᠯ      ᠡᠮ ᠤᠨ ᠮᠠᠲ᠋ᠧᠷᠢᠶᠠᠯ ᠢ ᠬᠦᠯᠳᠡᠭᠡᠭᠦᠷ ᠲᠤ ᠬᠠᠳᠠᠭᠠᠯᠠᠬᠤ ᠨᠢ ᠳᠤᠬᠢᠷᠠᠮᠵᠢ ᠦᠭᠡᠢ᠃ ᠪᠤᠰᠤᠳ ᠢᠳᠡᠭᠡᠨ ᠤ ᠵᠦᠢᠯ ᠲᠠᠢ ᠴᠤᠭ ᠤᠳᠠᠭᠠᠨ ᠬᠠᠳᠠᠭᠠᠯᠠᠪᠠᠯ ᠡᠮ ᠤᠨ ᠮᠠᠲ᠋ᠧᠷᠢᠶᠠᠯ ᠳᠤ ᠪᠠᠺᠲ᠋ᠧᠷᠢ ᠤᠷᠤᠬᠤ᠂ ᠴᠢᠬᠢᠭᠳᠦᠬᠦ ᠮᠡᠳᠦ ᠪᠠᠷ ᠴᠢᠨᠠᠷ ᠢ ᠨᠢ ᠠᠯᠳᠠᠭᠤᠯᠵᠤ ᠮᠡᠳᠡᠨ᠎ᠠ᠃      ᠬᠡᠷᠪᠡ ᠤᠷᠬᠤᠳᠠᠢ ᠮᠡᠳᠦ ᠶᠢᠨ ᠦᠨᠡᠳᠦ ᠡᠮ ᠤᠨ ᠮᠠᠲ᠋ᠧᠷᠢᠶᠠᠯ ᠢ ᠤᠳᠠᠭᠠᠨ ᠬᠠᠳᠠᠭᠠᠯᠠᠬᠤ ᠴᠢᠬᠤᠯᠡᠳᠠᠢ ᠪᠤᠯ ᠴᠡᠪᠡᠷ ᠰᠢᠯ ᠯᠤᠩᠬᠤᠨ ᠳᠤ ᠬᠢᠵᠦ᠂ ᠳᠡᠭᠡᠷ᠎ᠡ ᠨᠢ ᠰᠢᠷᠠᠯᠠᠳᠠᠯ᠎ᠠ ᠬᠠᠭᠤᠷᠤᠭᠰᠠᠨ ᠬᠤᠨᠤᠭ ᠪᠤᠳᠠᠭ᠎ᠠ ᠬᠢᠵᠦ ᠰᠠᠯᠬᠢ ᠨᠡᠪᠳᠡᠷᠡᠳᠡᠭ ᠰᠡᠷᠢᠭᠦᠨ ᠰᠡᠭᠦᠳᠡᠷ ᠭᠠᠵᠠᠷ ᠬᠠᠳᠠᠭᠠᠯᠠᠪᠠᠯ ᠵᠤᠬᠢᠨ᠎ᠠ᠃
     3. ᠳᠦᠪᠡᠳ ᠬᠠᠰᠢ      ᠳᠦᠪᠡᠳ ᠬᠠᠰᠢ ᠶᠢ ᠬᠦᠯᠳᠡᠭᠡᠵᠦ ᠪᠤᠯᠬᠤ ᠦᠭᠡᠢ᠂ ᠬᠦᠯᠳᠡᠭᠡᠪᠡᠯ ᠴᠦᠪᠦᠷᠢᠭᠦᠦ᠂ ᠬᠠᠷ᠎ᠠ ᠳᠤᠯᠪᠤ ᠭᠠᠷᠴᠤ ᠵᠦᠭᠡᠯᠡᠷᠡᠵᠦ ᠬᠠᠭᠠᠷᠠᠨ ᠦᠨᠦᠷ ᠠᠮᠳᠠ ᠨᠢ ᠬᠤᠪᠢᠷᠠᠳᠠᠭ ᠪᠠ ᠠᠮᠠᠷᠬᠠᠨ ᠢᠯᠵᠢᠷᠡᠳᠡᠭ᠃
     4. ᠦᠷᠭᠡᠰᠦᠳᠦ ᠬᠡᠮᠬᠡ᠂ ᠴᠢᠨᠵᠤᠤ      ᠵᠦᠭᠡᠯᠡᠷᠡᠵᠦ ᠬᠠᠷᠠᠯᠠᠨ ᠦᠨᠦᠷ ᠠᠮᠳᠠ ᠨᠢ ᠬᠤᠪᠢᠷᠠᠨ᠎ᠠ᠃      ᠦᠷᠭᠡᠰᠦᠳᠦ ᠬᠡᠮᠭᠡ ᠨᠢ 10 — 12 ᠭᠷᠡᠳᠦ᠋ᠰ᠂ ᠴᠢᠨᠵᠤᠤ ᠨᠢ 7 — 8 ᠭᠷᠡᠳᠦ᠋ᠰ ᠲᠤ ᠬᠠᠳᠠᠭᠠᠯᠠᠬᠤ ᠳᠤ ᠳᠤᠬᠢᠷᠠᠮᠵᠢᠳᠠᠢ ᠪᠠᠶᠢᠳᠠᠭ ᠪᠦᠭᠡᠳ ᠤᠳᠠᠭᠠᠨ ᠬᠠᠳᠠᠭᠠᠯᠠᠵᠤ ᠪᠤᠯᠳᠠᠭ ᠦᠭᠡᠢ᠃       
     5. ᠪᠠᠨᠠᠨᠠ᠂ ᠪᠡᠷᠴᠢᠭᠡᠷ ᠯᠤᠤ ᠶᠢᠨ ᠨᠢᠳᠤ ᠵᠡᠷᠭᠡ ᠬᠠᠯᠠᠭᠤᠨ ᠪᠦᠰᠡ ᠶᠢᠨ ᠵᠢᠮᠢᠰ      ᠪᠠᠨᠠᠨᠠ ᠶᠢ 12 ᠭᠷᠡᠳᠦ᠋ᠰ ᠠᠴᠠ ᠳᠤᠤᠷ᠎ᠠ ᠳᠤᠯᠠᠭᠠᠨ ᠳᠤ ᠬᠠᠳᠠᠭᠠᠯᠠᠪᠠᠯ᠂ ᠳᠡᠮᠡᠢ ᠤᠳᠠᠬᠤ ᠦᠭᠡᠢ ᠬᠠᠷᠠᠯᠠᠵᠤ ᠢᠯᠵᠢᠷᠡᠳᠡᠭ᠃ ᠪᠤᠰᠤᠳ ᠵᠦᠢᠯ ᠤᠨ ᠬᠠᠯᠠᠭᠤᠨ ᠪᠦᠰᠡ ᠶᠢᠨ ᠵᠢᠮᠢᠰ ᠴᠤ ᠠᠳᠠᠯᠢᠬᠠᠨ ᠠᠮᠠᠷᠬᠠᠨ ᠬᠠᠷᠠᠯᠠᠵᠤ᠂ ᠰᠢᠮ᠎ᠠ ᠳᠡᠵᠢᠭᠡᠯ ᠨᠢ ᠠᠯᠳᠠᠭᠳᠠᠨ ᠢᠯᠵᠢᠷᠡᠨ᠎ᠠ᠃     
     6. ᠰᠠᠷᠢᠮᠰᠠᠭ ᠪᠠ ᠪᠦᠭᠡᠷᠡᠩᠬᠡᠢ ᠰᠤᠩᠭᠢᠨ᠎ᠠ      ᠰᠠᠷᠢᠮᠰᠠᠭ ᠢ ᠬᠦᠯᠳᠡᠭᠡᠭᠦᠷ ᠲᠤ ᠳᠠᠯᠪᠢᠪᠠᠯ ᠠᠮᠠᠷᠬᠠᠨ ᠢᠯᠵᠢᠷᠡᠵᠦ ᠬᠦᠭᠡᠴᠦᠷᠡᠳᠡᠭ᠃ ᠳᠡᠭᠡᠬᠦ ᠳᠡᠭᠡᠨ ᠬᠠᠯᠢᠰᠦ ᠳᠡᠭᠡᠷ᠎ᠡ ᠨᠢ ᠮᠡᠳᠡᠭᠳᠡᠳᠡᠭ ᠦᠭᠡᠢ᠂ ᠬᠦᠯᠳᠡᠭᠡᠭᠦᠷ ᠲᠡᠭᠡᠨ ᠢᠯᠵᠢᠷᠡᠭᠰᠡᠨ ᠶᠠᠭᠤᠮ᠎ᠠ ᠤᠳᠠᠭᠠᠨ ᠬᠠᠳᠠᠭᠠᠯᠠᠵᠤ᠂ ᠪᠠᠺᠲ᠋ᠧᠷᠢ ︽ᠳᠡᠵᠢᠭᠡᠬᠦ︾ ᠠᠶᠤᠯ ᠠᠪᠴᠢᠷᠠᠳᠠᠭ᠃ ᠪᠦᠭᠡᠷᠡᠩᠬᠡᠢ ᠰᠤᠩᠭᠢᠨ᠎ᠠ ᠶᠢ ᠴᠤ ᠬᠦᠯᠳᠡᠭᠡᠭᠦᠷ ᠲᠤ ᠬᠢᠪᠠᠯ ᠠᠮᠠᠷᠬᠠᠨ ᠢᠯᠵᠢᠷᠡᠵᠦ ᠬᠦᠭᠡᠴᠦᠷᠡᠳᠡᠭ᠃
 
ᠢᠷᠡᠯᠲᠡ᠄ ᠲᠤᠮᠳᠠᠳᠣ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号