ᠣᠯᠣᠰ ᠤᠨ ᠡᠮ ᠤᠨ ᠵᠦᠢᠯ ᠤᠨ ᠬᠢᠨᠠᠯᠲᠠ ᠬᠠᠮᠢᠶᠠᠷᠣᠯᠲᠠ ᠶᠢᠨ ᠲᠣᠪᠴᠢᠶ᠎ᠠ᠄ ᠴᠢᠩ ᠺᠠᠢ ᠯᠢᠩ ᠲᠠᠷᠢᠯᠭ᠎ᠠ ᠶᠢᠨ ᠡᠮ ᠢ ᠰᠠᠶ᠋ᠢ ᠲᠦᠷᠦᠭᠰᠡᠨ ᠬᠡᠦᠬᠡᠳ᠂ ᠨᠢᠯᠬ᠎ᠠ‌‍ᠬᠡᠥᠬᠡᠳ᠂ ᠵᠢᠷᠮᠣᠰᠣᠨ ᠪᠦᠰᠡᠬᠦᠢ ᠳᠤ ᠬᠡᠷᠡᠭᠯᠡᠬᠦ ᠶᠢ ᠴᠡᠭᠡᠷᠯᠡᠨ᠎ᠡ
ᠨᠡᠶᠢᠲᠡᠯᠡᠭᠰᠡᠨ ᠴᠠᠭ᠄
2018-07-31
     ᠣᠶᠢᠷ᠎ᠠ ᠶᠢᠨ ᠡᠳᠦᠷ᠂ ᠣᠯᠣᠰ ᠤᠨ ᠡᠮ ᠤᠨ ᠵᠦᠢᠯ ᠤᠨ ᠬᠢᠨᠠᠯᠲᠠ ᠬᠠᠮᠢᠶᠠᠷᠣᠯᠲᠠ ᠶᠢᠨ ᠲᠣᠪᠴᠢᠶ᠎ᠠ ᠰᠦᠯᠵᠢᠶ᠎ᠡ ᠪᠠᠷ ᠮᠡᠳᠡᠭᠡ ᠨᠡᠶᠢᠲᠡᠯᠡᠵᠦ᠂ ᠴᠢᠩ ᠺᠠᠢ ᠯᠢᠩ ᠲᠠᠷᠢᠯᠭ᠎ᠠ ᠶᠢᠨ ᠡᠮ ᠪᠠ ᠲᠠᠷᠢᠯᠭ᠎ᠠ ᠳᠤ ᠬᠡᠷᠡᠭᠯᠡᠬᠦ ᠢ ᠴᠢ ᠹᠦ᠋ ᠮᠠᠢ ︵ᠬᠦᠯᠳᠡᠭᠡᠨ ᠬᠠᠳᠠᠭᠠᠭᠰᠠᠨ︶᠎ ᠶᠢᠨ ᠳᠣᠲᠣᠷᠬᠠᠶᠢᠯᠠᠯᠲᠠ ᠳᠤ ᠵᠠᠰᠠᠪᠣᠷᠢ ᠣᠷᠣᠭᠤᠯᠪᠠ᠃ ᠠᠩᠬᠠᠷᠤᠭᠤᠰᠢᠲᠠᠢ ᠨᠢ᠂ ᠵᠢᠯ ᠤᠨ ᠪᠣᠷᠣᠯᠠᠭᠤᠯᠭ᠎ᠠ ᠶᠢᠨ ᠣᠷᠣᠯᠭ᠎ᠠ ᠳ᠋ᠥᠩᠰᠢᠭᠤᠷ ᠳᠠᠪᠠᠵᠣ ᠪᠠᠶᠢᠭ᠎ᠠ ᠬᠢᠲᠠᠳ ᠡᠮ ᠤᠨ ᠶᠡᠭᠡ ᠲᠦᠷᠦᠯ ᠵᠦᠢᠯ ᠴᠢᠩ ᠺᠠᠢ ᠯᠢᠩ ᠲᠠᠷᠢᠯᠭ᠎ᠠ ᠶᠢᠨ ᠡᠮ ᠳᠣᠲᠣᠷᠬᠠᠶᠢᠯᠠᠯᠲᠠ ᠶᠢᠨ ᠪᠢᠴᠢᠭ ᠤᠨ ᠡᠮ ᠬᠡᠷᠡᠭᠯᠡᠬᠦ ᠶᠢ ᠴᠡᠭᠡᠷᠯᠡᠬᠦ ᠵᠦᠢᠯ ᠳᠤ ᠰᠠᠶ᠋ᠢ ᠲᠦᠷᠦᠭᠰᠡᠨ ᠬᠡᠦᠬᠡᠳ᠂ ᠨᠢᠯᠬ᠎ᠠ  ᠬᠡᠥᠬᠡᠳ‌‍ᠪᠠ ᠵᠢᠷᠮᠦᠰᠦᠨ ᠪᠦᠰᠡᠭᠦᠢ ᠳᠤ ᠬᠡᠷᠡᠭᠯᠡᠬᠦ ᠶᠢ ᠴᠡᠭᠡᠷᠯᠡᠬᠦ ᠶᠢ ᠲᠣᠳᠣᠷᠬᠠᠢ ᠳᠣᠭᠲᠠᠭᠠᠪᠠ᠃      ᠲᠣᠰ ᠣᠳᠠᠭᠠᠨ ᠤ ᠳᠣᠲᠣᠷᠬᠠᠶᠢᠯᠠᠯᠲᠠ ᠶᠢᠨ ᠵᠠᠰᠠᠪᠣᠷᠢ ᠳᠤ ᠬᠤᠯᠪᠣᠭᠳᠠᠭᠰᠠᠨ ᠬᠤᠶᠠᠷ ᠲᠦᠷᠦᠯ ᠤᠨ ᠡᠮ ᠎ ᠤᠨ ᠵᠦᠢᠯ ᠴᠥᠮ ᠬᠢᠲᠠᠳ ᠡᠮ ᠤᠨ ᠲᠠᠷᠢᠯᠭ᠎ᠠ ᠶᠢᠨ ᠬᠡᠪᠴᠢᠶᠡᠨ ᠳᠤ ᠬᠠᠷᠢᠶᠠᠯᠠᠭᠳᠠᠵᠣ᠂ ᠡᠭᠦᠨ ᠤ ᠳᠡᠭᠡᠷ᠎ᠡ ᠨᠡᠮᠡᠨ ᠨᠡᠶᠢᠲᠡᠯᠡᠭᠰᠡᠨ ᠱᠧᠨ ᠮᠠᠢ ᠲᠠᠷᠢᠯᠭ᠎ᠠ ᠶᠢᠨ ᠡᠮ᠂ ᠴᠠᠢ ᠬᠤ᠋ ᠲᠠᠷᠢᠯᠭ᠎ᠠ ᠶᠢᠨ ᠡᠮ᠂ ᠱᠣᠸᠠᠩ ᠬᠤᠸᠠᠩ ᠯᠢᠶᠠᠨ ᠲᠠᠷᠢᠯᠭ᠎ᠠ ᠎ ᠶᠢᠨ ᠡᠮ᠂ ᠳ᠋ᠠᠨ ᠱᠧᠨ ᠲᠠᠷᠢᠯᠭ᠎ᠠ ᠶᠢᠨ ᠡᠮ ᠪᠣᠯ ᠨᠢᠭᠡᠨᠲᠡ 2018 ᠣᠨ ᠤ ᠣᠯᠣᠰ ᠤᠨ ᠡᠮ ᠤᠨ ᠬᠢᠨᠠᠯᠲᠠ ᠬᠠᠮᠢᠶᠠᠷᠣᠯᠲᠠ ᠶᠢᠨ ᠲᠣᠪᠴᠢᠶ᠎ᠠ ᠶᠢᠨ ᠰᠦᠯᠵᠢᠶ᠎ᠡ ᠪᠠᠷ ᠮᠡᠳᠡᠭᠡ ᠨᠡᠶᠢᠲᠡᠯᠡᠭᠰᠡᠨ ᠲᠠᠪᠣᠳᠣᠭᠠᠷ ᠪᠦᠯᠦᠭ ᠬᠢᠲᠠᠳ ᠡᠮ ᠎ ᠤᠨ ᠲᠠᠷᠢᠯᠭ᠎ᠠ ᠶᠢᠨ ᠡᠮ ᠤᠨ  ᠲᠣᠳᠣᠷᠬᠠᠶᠢᠯᠠᠯᠲᠠ ᠳᠤ ᠵᠠᠰᠠᠪᠣᠷᠢ ᠣᠷᠣᠭᠤᠯᠣᠭᠰᠠᠨ ᠨᠡᠶᠢᠲᠡᠯᠡᠯ᠃ ᠠᠳᠠᠯᠢ ᠲᠠᠯ᠎ᠠ ᠨᠢ᠂ ᠡᠳᠡᠭᠡᠷ ᠬᠢᠲᠠᠳ ᠡᠮ ᠤᠨ ᠲᠠᠷᠢᠯᠭ᠎ᠠ ᠶᠢᠨ ᠡᠮ ᠴᠥᠮ ᠠᠳᠠᠯᠢ ᠪᠣᠰᠣ ᠬᠡᠮᠵᠢᠶ᠎ᠡ ᠪᠠᠷ ︽ᠬᠡᠥᠬᠡᠳ ᠲᠤ ᠬᠡᠷᠡᠭᠯᠡᠬᠦ ᠶᠢ ᠴᠡᠭᠡᠷᠯᠡᠬᠦ ᠨᠡᠷᠡᠰ ᠤᠨ ᠵᠢᠭᠰᠠᠭᠠᠯ︾᠎ ᠳᠤ ᠵᠢᠬᠰᠠᠭᠠᠬᠲᠠᠬᠰᠠᠨ ᠲᠤᠯᠠ᠂ ᠡᠮᠴᠢ ᠪᠣᠯᠣᠨ ᠭᠡᠷ ᠤᠨ ᠠᠬᠠᠮᠠᠳ ᠠᠩᠬᠠᠷᠣᠯ ᠎ ᠳᠤ ᠪᠠᠨ ᠠᠪᠬᠤ ᠬᠡᠷᠡᠭᠲᠡᠢ᠃        ᠲᠣᠬᠠᠶᠢᠯᠠᠭᠰᠠᠨ ᠠᠵᠢᠯ ᠤᠨ ᠬᠥᠮᠦᠰ ᠤᠨ ᠢᠯᠡᠷᠬᠡᠶᠢᠯᠡᠭᠰᠡᠨ ᠢᠶᠠᠷ᠂ ᠡᠮ ᠤᠨ ᠵᠦᠢᠯ ᠤᠨ ᠳᠣᠲᠣᠷᠬᠠᠶᠢᠯᠠᠯᠲᠠ ᠎ ᠶᠢᠨ ᠪᠢᠴᠢᠭ ᠤᠨ ᠵᠠᠰᠠᠪᠣᠷᠢ ᠪᠣᠯ ᠡᠮ ᠤᠨ ᠵᠦᠢᠯ ᠤᠨ ᠲᠣᠬᠢᠷᠠᠬᠤ ᠦᠭᠡᠢ ᠢᠯᠡᠷᠡᠯ ᠤᠨ ᠰᠢᠯᠭᠠᠨ ᠪᠠᠶᠢᠴᠠᠭᠠᠯᠲᠠ ᠵᠡᠷᠭᠡ ᠲᠤᠭ᠎ᠠ ᠪᠠᠷᠢᠮᠲᠠ ᠳᠤ ᠲᠣᠬᠢᠷᠠᠭᠤᠯᠣᠯᠲᠠ ᠬᠢᠭᠰᠡᠨ ᠡᠮ ᠤᠨ ᠵᠦᠢᠯ ᠤᠨ  ᠬᠢᠨᠠᠯᠲᠠ ᠬᠠᠮᠢᠶᠠᠷᠣᠯᠲᠠ ᠶᠢᠨ ᠴᠢᠩᠭᠠᠳᠬᠠᠯ ᠪᠣᠯᠣᠨ᠎ᠠ᠂ ᠡᠮᠴᠢᠯᠡᠭᠡᠨ ᠳᠤ ᠬᠡᠷᠡᠭᠯᠡᠬᠦ ᠡᠮ ᠤᠨ ᠲᠠᠰᠣᠷᠠᠯᠲᠠ ᠦᠭᠡᠢ ᠵᠢᠷᠣᠮᠵᠢᠭᠤᠯᠣᠯᠲᠠ ᠪᠣᠯ ᠵᠠᠶᠢᠯᠠᠰᠢ ᠦᠭᠡᠢ ᠬᠠᠨᠳᠣᠰᠢ ᠪᠦᠭᠡᠳ ᠵᠠᠰᠠᠬᠤ ᠳᠣᠳᠣᠮ ᠨᠠᠷᠢᠯᠢᠭᠵᠢᠨ ᠳᠡᠭᠦᠯᠳᠡᠷᠵᠢᠪᠡᠯ ᠳᠠᠭᠠᠷᠠᠨ᠎ᠠ᠃ ᠲᠠᠷᠢᠯᠭ᠎ᠠ ᠳᠤ ᠬᠡᠷᠡᠭᠯᠡᠬᠦ ᠢ ᠴᠢ ᠹᠦ᠋ ᠮᠠᠢ ︵ᠬᠦᠯᠳᠡᠭᠡᠵᠦ  ᠬᠠᠲᠠᠭᠠᠭᠰᠠᠨ︶ ᠳᠣᠲᠣᠷᠬᠠᠶᠢᠯᠠᠯᠲᠠ ᠶᠢᠨ ᠪᠢᠴᠢᠭ ᠶᠢᠨ ᠵᠠᠰᠠᠪᠣᠷᠢ ᠣᠷᠣᠭᠤᠯᠣᠭᠰᠠᠨ ᠲᠣᠬᠢᠷᠠᠬᠤ ᠦᠭᠡᠢ ᠢᠯᠡᠷᠡᠯ ᠤᠨ ᠵᠦᠢᠯ᠄ ᠵᠠᠰᠠᠪᠣᠷᠢ ᠣᠷᠣᠭᠤᠯᠬᠤ ᠠᠴᠠ ᠡᠮᠦᠨᠡᠬᠢ ᠭᠤᠷᠪᠠᠨ ᠵᠦᠢᠯ ᠪᠣᠯ ︽ᠲᠣᠰ ᠪᠣᠳᠣᠭᠡᠭᠳᠡᠭᠦᠨ ᠢ ᠬᠡᠷᠡᠭᠯᠡᠬᠦ ᠳᠤ ᠠᠷᠠᠰᠣᠨ ᠡᠰᠡᠷᠭᠡᠨ᠎ᠡ᠂ ᠴᠡᠴᠡᠷᠡᠬᠦ᠂ ᠬᠠᠯᠠᠭᠤᠷᠠᠬᠤ ᠬᠤᠪᠣᠷᠬᠠᠨ ᠡᠭᠦᠰᠦᠨ᠎ᠡ᠃ ᠬᠡᠷᠪᠡ ᠳᠡᠭᠡᠷᠡᠬᠢ ᠢᠯᠡᠷᠡᠯ ᠡᠭᠦᠰᠪᠡᠯ᠂ ᠡᠮ ᠢᠶᠠᠨ ᠳᠠᠷᠣᠢ ᠲᠦᠷᠭᠡᠨ ᠵᠣᠭᠰᠣᠵᠣ ᠡᠪᠡᠳᠴᠢᠨ ᠤ ᠰᠢᠨᠵᠢ ᠳᠤ ᠲᠠᠭᠠᠷᠠᠭᠤᠯᠣᠨ ᠰᠢᠢᠳᠪᠦᠷᠢᠯᠡᠨ᠎ᠡ︾ ᠭᠡᠵᠡᠢ᠃ ᠵᠠᠰᠠᠪᠣᠷᠢ ᠣᠷᠣᠭᠤᠯᠣᠭᠰᠠᠨ ᠤ ᠳᠠᠷᠠᠭ᠎ᠠ ᠣᠣᠯ ᠤᠨ ᠳᠣᠲᠣᠷᠬᠠᠶᠢᠯᠠᠯᠲᠠ ᠶᠢᠨ ︽ᠲᠣᠬᠢᠷᠠᠬᠤ ᠦᠭᠡᠢ ᠢᠯᠡᠷᠡᠯ︾᠎ ᠤᠨ ᠳᠣᠲᠣᠷᠠᠬᠢ ︽3︾᠎ ᠶᠢᠨ ᠬᠤᠯᠪᠣᠭᠳᠠᠯ ᠪᠦᠬᠦᠢ  ᠠᠭᠤᠯᠭ᠎ᠠ ᠶᠢ ᠬᠠᠰᠣᠭᠰᠠᠨ ᠪᠦᠭᠡᠳ 9 ᠲᠣᠮᠣ ᠵᠦᠢᠯ ᠤᠨ ᠠᠭᠤᠯᠭ᠎ᠠ ︽ᠬᠠᠷᠰᠢᠮᠠᠲᠠᠬᠠᠢ ᠢᠯᠡᠷᠡᠯ᠄ ᠠᠷᠠᠰᠣ ᠣᠯᠠᠶᠢᠬᠤ᠂ ᠠᠷᠠᠰᠣᠨ ᠡᠰᠡᠷᠭᠡᠨ᠎ᠡ᠂ ᠵᠠᠭᠠᠳᠣᠨᠠᠬᠤ᠂ ᠠᠮᠢᠰᠬᠤᠯ ᠬᠦᠴᠢᠷᠳᠡᠬᠦ᠂ ᠵᠢᠷᠦᠬᠡ ᠰᠠᠪᠯᠠᠬᠤ᠂ ᠬᠦᠬᠡᠷᠡᠬᠦ᠂ ᠴᠢᠰᠣᠨ ᠳᠠᠷᠣᠯᠲᠠ ᠳᠣᠷᠣᠭᠰᠢᠯᠠᠬᠤ᠂ ᠬᠠᠷᠰᠢᠯᠳᠠᠭᠰᠠᠨ ᠮᠠᠶ᠋ᠢᠭ ᠤᠨ ᠢᠯᠡᠷᠡᠯ᠂ ᠬᠠᠷᠰᠢᠯᠳᠠᠭᠰᠠᠨ ᠴᠢᠨᠠᠷᠲᠠᠢ ᠦᠭᠦᠳᠬᠢᠬᠦ ᠵᠡᠷᠭᠡ᠃ ᠪᠦᠬᠦ ᠪᠡᠶ᠎ᠡ ᠶᠢᠨ ᠴᠢᠨᠠᠷᠲᠠᠢ ᠢᠯᠡᠷᠡᠯ᠄ ᠳᠠᠭᠠᠷᠠᠭᠤᠯᠬᠤ᠂ ᠬᠠᠯᠠᠭᠤᠷᠠᠬᠤ᠂ ᠪᠡᠭᠡᠷᠡᠬᠦ᠂ ᠵᠢᠭᠡᠭᠦᠴᠡᠬᠦ᠂ ᠴᠡᠴᠡᠷᠡᠬᠦ ᠵᠡᠷᠭᠡ᠃ ᠠᠮᠢᠰᠬᠤᠯ ᠤᠨ ᠰᠢᠰᠲ᠋ᠧᠮ᠄ ᠠᠮᠢᠰᠬᠤᠯ ᠳᠡᠭᠡᠷᠡᠳᠡᠬᠦ  ᠴᠢᠬᠤᠯᠳᠠᠬᠤ ᠵᠡᠷᠭᠡ᠃ ᠵᠢᠷᠦᠬᠡ ᠴᠢᠰᠣᠨ ᠰᠣᠳᠠᠯ ᠤᠨ ᠰᠢᠰᠲ᠋ᠧᠮ᠄ ᠵᠢᠷᠦᠬᠡ ᠴᠡᠴᠡᠷᠡᠬᠦ᠂ ᠪᠠᠴᠢᠮᠳᠠᠬᠤ᠂ ᠴᠢᠰᠣᠨ  ᠳᠠᠷᠣᠯᠲᠠ ᠳᠡᠭᠡᠭᠰᠢᠯᠡᠬᠦ᠂ᠵᠢᠷᠦᠬᠡᠨ ᠴᠣᠬᠢᠯᠭ᠎ᠠ ᠬᠤᠷᠳᠣᠰᠬᠤ ᠵᠡᠷᠭᠡ︔ ᠰᠢᠩᠭᠡᠭᠡᠯᠲᠡ ᠶᠢᠨ ᠰᠢᠰᠲ᠋ᠧᠮ᠄ ᠳᠣᠷᠠᠪᠠᠯᠵᠠᠬᠤ᠂ ᠪᠦᠭᠡᠯᠵᠢᠬᠦ᠂ ᠠᠮᠠ ᠬᠠᠳᠠᠬᠤ ᠵᠡᠷᠭᠡ᠃ ᠮᠡᠳᠡᠷᠡᠯ ᠤᠨ ᠰᠢᠰᠲ᠋ᠧᠮ᠄ ᠲᠣᠯᠣᠭᠠᠢ ᠡᠷᠬᠢᠬᠦ᠂ ᠲᠣᠯᠣᠭᠠᠢ ᠡᠪᠡᠳᠬᠦ᠂ ᠴᠡᠴᠡᠷᠡᠬᠦ᠂ ᠪᠠᠴᠢᠮᠳᠠᠬᠤ᠂ ᠬᠡᠰᠡᠭ ᠬᠡᠰᠡᠭ ᠵᠶ᠋ᠠᠷ‌ᠮᠢᠨᠴᠦᠭᠦᠷᠡᠬᠦ ᠵᠡᠷᠭᠡ᠃ ᠠᠷᠠᠰᠣᠨ ᠤ ᠢᠯᠡᠷᠡᠯ᠄ ᠠᠷᠠᠰᠣᠨ ᠡᠰᠡᠷᠭᠡᠨ᠎ᠡ᠂ ᠵᠠᠭᠠᠳᠣᠨᠠᠬᠤ᠂ ᠬᠥᠯᠦᠰᠦ ᠭᠠᠷᠬᠤ᠂ ᠬᠡᠰᠡᠭ ᠲᠠᠯ᠎ᠠ ᠶᠢᠨ ᠢᠯᠡᠷᠡᠯ ᠵᠡᠷᠭᠡ᠃ ᠡᠮ ᠬᠡᠷᠡᠭᠯᠡᠭᠰᠡᠨ ᠬᠡᠰᠡᠭ᠄ ᠡᠪᠡᠳᠬᠦ᠂ ᠲᠠᠷᠢᠭᠰᠠᠨ ᠬᠡᠰᠡᠭ ᠤᠨ ᠢᠯᠡᠷᠡᠯ᠂ ᠨᠠᠷᠢᠨ ᠰᠣᠳᠠᠯ ᠤᠨ ᠥᠷᠪᠢᠰᠦᠯ ᠵᠡᠷᠭᠡ᠃ ᠪᠣᠰᠣᠳ᠄ ᠡᠪᠡᠳᠬᠦ᠂ ᠮᠠᠭᠤᠵᠢᠷᠠᠭᠤᠯᠬᠤ᠂ ᠬᠠᠷᠠᠭᠠᠨ ᠰᠡᠷᠡᠯ ᠬᠡᠪ ᠤᠨ ᠪᠣᠰᠣ ᠪᠣᠯᠬᠤ᠂ ᠰᠠᠷ᠎ᠠ ᠶᠢᠨ ᠭᠬᠢᠷ ᠲᠡᠭᠰᠢ ᠦᠭᠡᠢ ᠪᠣᠯᠬᠤ ᠵᠡᠷᠭᠡ︾᠎ ᠶᠢ ᠨᠡᠮᠡᠪᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号