ᠬᠤᠪᠢ ᠬᠥᠮᠥᠨ ᠤ ᠮᠡᠳᠡᠭᠡ ᠵᠠᠩᠬᠢ ᠶᠢᠨ ᠨᠢᠭᠤᠴᠠ ᠶᠢ ᠰᠠᠶᠢᠳᠤᠷ ᠬᠠᠮᠠᠭᠠᠯᠠᠶ᠎ᠠ
ᠨᠡᠶᠢᠲᠡᠯᠡᠭᠰᠡᠨ ᠴᠠᠭ᠄
2018-07-10
     ᠰᠥᠯᠵᠢᠶᠠᠨ ᠲᠡᠭᠡᠷᠡᠬᠢ ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠶᠢ ᠬᠠᠮᠠᠭᠠᠯᠠᠬᠤ ᠠᠰᠠᠭᠤᠳᠠᠯ ᠨᠢ ᠰᠥᠯᠵᠢᠶᠠᠨ ᠤ ᠢᠷᠭᠡᠳ ᠤᠨ ᠬᠠᠮᠤᠬ ᠤᠨ ᠠᠩᠬᠠᠷᠴᠤ ᠪᠥᠬᠦᠢ ᠠᠰᠠᠭᠤᠳᠠᠯ ᠤᠨ ᠨᠢᠭᠡ ᠪᠤᠯᠪᠠ᠃ ᠬᠤᠪᠢ ᠬᠥᠮᠥᠨ ᠤ ᠮᠡᠳᠡᠭᠡ ᠵᠠᠩᠭᠢ ᠠᠮᠤᠷ ᠲᠥᠪᠰᠢᠨ ᠡᠷᠭᠡ ᠴᠢᠯᠥᠬᠡ ᠲᠠᠢ ᠪᠠᠶᠢᠬᠤ ᠪᠤᠯ ᠡᠷᠭᠡᠳᠤ ᠠᠷᠠᠳ ᠪᠤᠯᠭᠠᠨ ᠤ ᠡᠳᠤᠷ ᠲᠤᠳᠤᠮ ᠤᠨ ᠠᠮᠢᠳᠤᠷᠠᠯ ᠤᠨ ᠨᠢᠬᠡ ᠴᠢᠬᠤᠯᠠ ᠨᠥᠬᠦᠴᠠᠯ ᠪᠤᠯᠤᠨ᠎ᠠ᠃ ᠬᠤᠪᠢ ᠬᠥᠮᠥᠨ ᠤ ᠮᠡᠳᠡᠭᠡ ᠵᠠᠩᠭᠢ ᠶᠢᠨ  ᠠᠮᠤᠷ ᠲᠥᠪᠰᠢᠨ ᠬᠠᠤᠯᠢ ᠴᠠᠭᠠᠵᠠ ᠶᠢᠨ ᠲᠠᠯ᠎ᠠ ᠪᠠᠷ ︽ᠬᠤᠪᠢ ᠶᠢᠨ ᠨᠢᠭᠤᠴᠠ︾ ᠬᠡᠵᠥ  ᠨᠡᠷᠡᠯᠡᠳᠡᠭ᠃ ᠬᠠᠤᠯᠢ ᠴᠠᠭᠠᠵᠠ ᠪᠠᠷ ᠡᠷᠭᠡᠳᠤ ᠠᠷᠠᠳ ᠤᠨ  ᠬᠤᠪᠢ ᠶᠢᠨ ᠨᠢᠭᠤᠴᠠ ᠶᠢ ᠬᠠᠮᠠᠭᠠᠯᠠᠬᠤ ᠪᠤᠯ ᠨᠡᠶᠢᠭᠡᠮ ᠤᠨ ᠪᠤᠯᠪᠠᠰᠤᠨ ᠤ ᠲᠠᠪᠰᠢᠯᠳᠠ ᠪᠠ ᠤᠳᠤᠬᠢ ᠬᠠᠤᠯᠢ ᠲᠥᠷᠢᠮ ᠤᠨ ᠬᠥᠭᠵᠢᠯᠳᠠ ᠶᠢᠨ ᠥᠷ᠎ᠠ ᠳ᠋ᠥᠡᠭ ᠪᠤᠯᠬᠤ ᠶᠤᠮ᠂ ᠪᠠᠰᠠ ᠴᠤ ᠨᠢᠬᠡᠨ ᠤᠯᠤᠰ ᠤᠷᠤᠨ ᠤ ᠬᠤᠪᠢ ᠬᠥᠮᠥᠨ ᠤ ᠤᠷᠤᠨ ᠪᠠᠶᠢᠷᠢ ᠪᠠ ᠬᠥᠨᠳᠥᠳᠭᠡᠯ ᠢ ᠬᠡᠮᠵᠢᠬᠦ ᠴᠢᠬᠤᠯᠠ ᠬᠡᠮᠵᠢᠬᠦᠷ ᠪᠤᠯᠬᠤ ᠶᠤᠮ᠃        ᠤᠳᠤᠬᠠᠨ ᠳᠤ᠂ ᠮᠠᠨ ᠤ ᠤᠯᠤᠰ ᠤᠨ ᠡᠯᠧᠺᠲᠷᠥᠨ ᠬᠤᠳᠠᠯᠳᠤᠭᠠᠨ ᠤ ᠶᠠᠪᠤᠳᠠᠯ᠂ ᠡᠯᠧᠺᠲᠷᠥᠨ ᠪᠠᠩᠭᠢ᠂ ᠪᠡᠶ᠎ᠠ ᠶᠢᠨ ᠥᠨᠡᠮᠯᠡᠯ ᠵᠡᠷᠭᠡ ᠲᠡᠯ᠎ᠠ ᠪᠠᠷ ᠤᠶᠤᠨᠴᠢ ᠭᠡᠷᠡᠭᠯᠡᠭᠡ ᠮᠥᠨ ᠯᠠ ᠠᠩᠬᠠᠨ ᠤ ᠱᠠᠳᠤᠨ ᠳᠤ ᠪᠠᠶᠢᠵᠥ᠂ ᠰᠥᠯᠵᠢᠶᠠᠨ ᠲᠡᠭᠡᠷᠡᠬᠢ ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠶᠢ ᠪᠠᠳᠤᠯᠠᠬᠤ ᠬᠠᠤᠯᠢ ᠴᠠᠭᠠᠵᠠ ᠶᠢᠨ ᠪᠠᠶᠢᠭᠤᠯᠤᠮᠵᠢ ᠬᠠᠷᠠᠬᠠᠨ ᠲᠡᠬᠦᠯᠳᠡᠷᠵᠢᠭᠡ ᠥᠬᠡᠢ᠂ ᠡᠷᠭᠡᠳᠤ ᠠᠷᠠᠳ ᠤᠨ ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠶᠢᠨ ᠡᠷᠭᠡ ᠳᠤ ᠬᠠᠯᠳᠠᠬᠰᠠᠨ ᠵᠢᠭᠤᠷᠠᠯᠳᠤᠭᠠᠨ ᠮᠥᠨ ᠯᠠ ᠪᠠᠶᠢᠡᠭᠭᠤ ᠡᠬᠦᠰᠴᠤ ᠪᠤᠢ᠃ ᠬᠡᠪᠡᠴᠦ ᠡᠳᠡᠭᠡᠷ ᠨᠢ ᠬᠤᠪᠢ ᠬᠦᠮᠦᠨ ᠤ  ᠮᠡᠳᠡᠭᠡ  ᠵᠠᠩᠭᠢ ᠶᠢᠨ  ᠠᠮᠤᠷ  ᠲᠦᠪᠰᠢᠨ ᠳᠤ ᠨᠥᠯᠥᠬᠡ ᠪᠤᠯᠳᠠᠬ ᠢ ᠬᠥᠮᠥᠰ ᠶᠠᠷᠤᠨᠢ ᠠᠩᠬᠠᠷᠤᠯ ᠢᠶᠠᠨ ᠬᠠᠨᠳᠤᠭᠤᠯᠤᠬᠰᠠᠨ ᠥᠬᠡᠢ ᠪᠠᠶᠢᠵᠥ  ᠮᠡᠳᠡᠨ᠎ᠠ᠃  ᠠᠮᠧᠷᠢᠺᠡ ᠶᠢᠨ  ᠶᠢᠦ‌‍ᠪᠦ᠋᠂ ᠶᠠ ᠬᠤ᠋ ᠵᠡᠷᠭᠡ ᠨᠡᠷᠡᠳᠦ ᠺᠤᠮᠫᠠᠨᠢ ᠶᠢᠨ ᠬᠡᠷᠡᠭᠯᠡᠭᠴᠢᠳ ᠤᠨ ᠲᠤᠭ᠎ᠠ ᠪᠠᠷᠢᠮᠳᠠ ᠺᠤᠮᠫᠢᠦ᠋ᠲ᠋ᠧᠷ ᠤᠨ ᠬᠠᠺᠧᠷ ᠲᠤ  ᠬᠡᠨᠡᠳᠡᠭᠦᠯᠦᠨ ᠳᠠᠭᠠᠷᠢᠭᠳᠠᠭᠰᠠᠨ  ᠬᠡᠷᠡᠭ︔ ᠵᠢᠩ ᠳ᠋ᠦᠡᠭ ᠤᠨ ᠲᠤᠳᠤᠭᠠᠳᠦ ᠶᠢᠨ ᠠᠵᠢᠯᠳᠠᠨ ᠶᠠᠯᠠᠳᠦ ᠪᠦᠯᠦᠭᠯᠡᠯ ᠲᠠᠢ ᠬᠠᠮᠳᠤᠷᠠᠨ ᠬᠡᠷᠡᠭᠯᠡᠭᠴᠢᠳ ᠤᠨ ᠮᠡᠳᠡᠭᠡ ᠵᠠᠩᠭᠢ ᠶᠢ ᠬᠤᠯᠠᠭᠠᠢᠢᠯᠠᠭᠰᠠᠨ ᠤᠴᠢᠷ᠁  2017 ᠤᠨ ᠤ 3 ᠰᠠᠷ᠎ᠠ ᠳᠤ  ᠲᠤᠳᠤᠭᠠᠳᠦ ᠵᠢ‌ᠬᠠᠮᠠᠭᠠᠯᠠᠬᠤ ᠶᠠᠮᠤᠨ ᠠᠴᠠ ᠺᠤᠮᠫᠢᠦ᠋ᠲ᠋ᠧᠷ ᠤᠨ ᠬᠠᠺᠧᠷ ᠤᠨ ᠲᠠᠭᠠᠷᠢᠯᠳᠠ ᠡᠪᠳᠡᠭᠳᠡᠯ ᠢ ᠴᠡᠴᠡᠭᠯᠡᠨ  ᠵᠠᠰᠠᠵᠤ  ᠴᠤᠬᠢᠯᠳᠠ  ᠦᠭᠬᠦ ᠲᠤᠰᠬᠠᠢ ᠠᠵᠢᠯᠯᠠᠭ᠎ᠠ ᠶᠢ ᠦᠷᠨᠢᠭᠦᠯᠵᠤ᠂ ᠲᠦᠷᠪᠡᠭᠡᠨ ᠰᠠᠷ᠎ᠠ ᠶᠢᠨ ᠬᠤᠭᠤᠴᠠᠭᠠᠨ ᠳᠤ ᠬᠠᠮᠢᠶ᠎ᠠ ᠪᠦᠬᠦᠢ ᠬᠡᠷᠡᠭ ᠢ 1800 ᠭᠠᠷᠤᠢ ᠲᠠᠩᠨᠠᠨ ᠯᠠᠪᠠᠷᠠᠬᠦᠯᠵᠥ᠂ ᠬᠠᠤᠯᠢ ᠪᠤᠰᠤ ᠪᠠᠷ ᠡᠷᠭᠡᠳᠦ ᠠᠷᠠᠳ ᠤᠨ ᠬᠤᠪᠢ ᠬᠦᠮᠦᠨ ᠤ ᠡᠯ᠎ᠠ  ᠲᠦᠷᠦᠯ ᠤᠨ  ᠮᠡᠳᠡᠭᠡ ᠵᠠᠩᠭᠢ ᠶᠢ ᠲᠠᠷᠤᠮᠠᠯᠯᠠᠨ ᠬᠤᠳᠠᠯᠳᠤᠭᠰᠠᠨ ᠭᠡᠷᠡᠭ ᠢ ᠳ᠋ᠦᠡᠭᠰᠢᠭᠤᠷ ᠭᠠᠷᠤᠢ ᠪᠠᠶᠢᠴᠠᠭᠠᠨ ᠢᠯᠡᠷᠡᠬᠦᠯᠪᠠ᠃ ᠡᠳᠡᠭᠡᠷ ᠬᠡᠷᠡᠭ ᠢ ᠢᠯᠡᠴᠢᠯᠡᠭᠰᠡᠨ ᠠᠴᠠ ᠪᠤᠯᠵᠤ ᠬᠦᠮᠦᠰ ︽ᠮᠢᠨᠤ  ᠮᠡᠳᠡᠭᠡ  ᠵᠠᠩᠭᠢ ᠶᠢ ᠲᠠ ᠶᠠᠭᠠᠬᠢᠭᠠᠳ ᠮᠡᠳᠡᠭᠰᠡᠨ  ᠪᠤᠢ︖︾  ᠬᠡᠬᠦ  ᠠᠰᠠᠭᠤᠳᠠᠯ ᠳᠤ  ᠨᠡᠶᠢᠳᠠᠮ ᠰᠠᠨᠠᠭᠠᠰᠢᠷᠠᠵᠥ ᠪᠠᠶᠢᠯ᠎ᠠ᠃ ᠤᠨᠴᠠᠭᠠᠢᠢᠯᠠᠨ᠂ ᠰᠥᠯᠵᠢᠶᠠᠨ ᠤ ᠮᠡᠷᠭᠡᠵᠢᠯ ᠤᠨ ᠰᠢᠨᠠᠴᠢᠯᠠᠯᠳᠠ ᠪᠠ ᠠᠵᠤ ᠠᠬᠤᠢ ᠶᠢᠨ ᠲᠡᠯᠡᠬᠡᠶᠢᠴᠢᠯᠠᠯᠳᠠ ᠶᠢ ᠲᠠᠭᠠᠯᠳᠤᠨ᠂ ᠨᠠᠩ ᠥᠨᠳᠤᠷ᠂ ᠨᠠᠩ ᠬᠥᠨ ᠲᠠᠪᠬᠤᠷᠭ᠎ᠠ ᠶᠢᠨ ᠡᠬᠦᠳᠡᠨ ᠠᠴᠠ᠂  ᠰᠥᠯᠵᠢᠶᠠᠨ ᠤ  ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠶᠢ ᠬᠡᠷᠬᠢᠨ ᠬᠠᠮᠠᠭᠠᠯᠠᠬᠤ ᠲᠠᠯ᠎ᠠ ᠪᠠᠷ ᠨᠠᠩ ᠴᠢᠬᠤᠯᠠᠴᠢᠯᠠᠪᠠᠯ ᠵᠤᠬᠢᠨ᠎ᠠ᠃        ᠰᠥᠯᠵᠢᠶᠠᠨ ᠤ ᠴᠠᠬ ᠡᠷᠡᠨ᠂ ᠮᠡᠷᠭᠡᠵᠢᠯ ᠤᠨ ᠬᠥᠭᠵᠢᠯᠳᠠ ᠬᠥᠮᠥᠰ ᠲᠤ ᠥᠨᠡᠨᠬᠦ ᠲᠤᠩ ᠤᠯᠠᠨ ᠲᠥᠬᠦᠮ ᠠᠪᠴᠢᠷᠠᠵᠥ ᠥᠭᠬᠦᠭᠰᠡᠨ  ᠪᠤᠯᠪᠠᠴᠤ  ᠴᠥᠬᠡᠨ  ᠪᠤᠰᠤ  ᠬᠥᠮᠥᠰ ᠤᠨ  ᠬᠤᠪᠢ  ᠬᠥᠮᠥᠨ ᠤ  ᠮᠡᠳᠡᠭᠡ  ᠵᠠᠩᠭᠢ ᠶᠢᠨ  ᠨᠢᠭᠤᠴᠠ   ᠯᠠᠪᠠᠷᠠᠬᠦ ᠠᠰᠠᠭᠤᠳᠠᠯ ᠤᠳ ᠥᠷᠬᠦᠯᠵᠢ ᠪᠤᠢ ᠪᠤᠯᠵᠥ᠂ ᠲᠡᠷᠡᠴᠢᠯᠠᠨ  ᠰᠥᠯᠵᠢᠶᠠᠨ ᠤ  ᠲᠠᠮᠵᠢᠭᠤᠯᠭ᠎ᠠ ᠶᠢᠨ  ᠤᠷᠴᠢᠨ  ᠲᠤᠤᠷ᠎ᠠ᠂  ᠬᠤᠪᠢ ᠬᠥᠮᠥᠨ ᠤ ᠮᠡᠳᠡᠭᠡ ᠵᠠᠩᠭᠢ ᠶᠢᠨ ᠨᠢᠭᠤᠴᠠ ᠶᠢᠨ ᠯᠠᠪᠠᠷᠠᠬᠦ ᠠᠰᠠᠭᠤᠳᠠᠯ ᠨᠠᠩ  ᠬᠥᠨᠳᠤ  ᠨᠤᠴᠢᠳᠠᠢ  ᠪᠤᠯᠵᠥ᠂  ᠡᠳᠤᠷ  ᠢᠷᠡᠬᠦᠶ᠎ᠠ ᠤᠯᠠᠨ  ᠲᠦᠢᠯᠰᠢᠷᠡᠬᠤ  ᠬᠠᠨᠳᠤᠰᠢ ᠲᠠᠢ  ᠪᠤᠯᠤᠯ᠎ᠠ᠃  ᠡᠨᠡᠬᠦ  ᠪᠠᠶᠢᠳᠠᠯ ᠳᠤ   ᠴᠢᠭᠯᠡᠬᠦᠯᠥᠨ   ᠨᠡᠶᠢᠭᠡᠮ   ᠲᠠᠶᠠᠭᠠᠷ ᠢᠶᠠᠷ ᠢᠶᠠᠨ ᠬᠠᠤᠯᠢᠵᠢᠯ ᠤᠨ ᠪᠠᠶᠢᠭᠤᠯᠤᠯᠳᠠ ᠪᠠ ᠶᠤᠰᠤ ᠰᠤᠷᠳᠠᠬᠤᠨ ᠤ ᠪᠠᠶᠢᠭᠤᠯᠤᠯᠳᠠ ᠶᠢ ᠴᠢᠩᠭᠠᠳᠬᠠᠬᠤ ᠶᠢᠨ ᠬᠠᠮᠳᠤ ᠮᠡᠷᠭᠡᠵᠢᠯ ᠢ ᠨᠡᠭᠡᠭᠡᠨ ᠬᠥᠭᠵᠢᠬᠦᠯᠬᠦ ᠵᠠᠪᠤᠴᠠ ᠳᠤ ᠨᠢᠭᠤᠴᠠ ᠶᠢ ᠬᠠᠮᠠᠭᠠᠯᠠᠬᠤ  ᠠᠰᠠᠭᠤᠳᠠᠯ ᠢ  ᠰᠠᠶᠢᠳᠤᠷ  ᠠᠩᠬᠠᠷᠪᠠᠯ᠂  ᠬᠤᠪᠢ  ᠬᠥᠮᠥᠨ ᠤ  ᠮᠡᠳᠡᠭᠡ ᠵᠠᠩᠭᠢ ᠶᠢᠨ ᠨᠢᠭᠤᠴᠠ ᠶᠢ ᠬᠠᠮᠠᠭᠠᠯᠠᠬᠤ ᠠᠰᠠᠭᠤᠳᠠᠯ ᠠᠭᠠᠵᠢᠮ ᠢᠶᠠᠷ ᠪᠥᠳᠥᠮᠵᠢᠳᠠᠢ ᠰᠢᠢᠳᠪᠤᠷᠢᠯᠡᠭᠳᠡᠬᠦ ᠨᠢ ᠯᠠᠪᠳᠠᠢ︕        ᠰᠠᠨᠠᠭᠤᠯᠤᠮᠵᠢ᠄        ᠬᠤᠪᠢ ᠬᠦᠮᠦᠨ ᠤ  ᠮᠡᠳᠡᠭᠡ  ᠵᠠᠩᠬᠢ ᠶᠢ  ᠵᠠᠳᠠᠷᠠᠭᠤᠯᠤᠭᠰᠠᠨ ᠠᠴᠠ  ᠪᠤᠯᠵᠤ  ᠡᠳ᠋  ᠬᠦᠷᠦᠩᠭᠡ ᠶᠢᠨ  ᠬᠤᠬᠢᠷᠠᠯ  ᠳᠤ  ᠤᠴᠠᠷᠠᠪᠠᠯ  ᠶᠠᠭᠠᠬᠢᠵᠤ  ᠦᠪᠡᠷ  ᠤᠨ  ᠢᠶᠠᠨ  ᠬᠠᠤᠯᠢ  ᠶᠤᠰᠤᠨ ᠤ  ᠡᠷᠭᠡ  ᠠᠰᠢᠭ ᠎ ᠢᠶᠠᠨ  ᠬᠠᠮᠠᠭᠠᠯᠠᠬᠤ  ᠪᠤᠢ  ︖      ᠲᠤᠰ ᠲᠦᠷᠦᠯ ᠤᠨ ᠭᠡᠷᠡᠭ ᠤᠨ  ᠬᠤᠯᠪᠤᠭᠳᠠᠭᠰᠠᠨ  ᠮᠦᠡᠭᠭᠦ ᠶᠢᠨ  ᠲᠤᠭ᠎ᠠ  ᠬᠡᠮᠵᠢᠶ᠎ᠠ ᠨᠢ  ᠪᠠᠭ᠎ᠠ᠂  ᠭᠡᠷᠡᠭ  ᠤᠯᠠᠨ ᠡᠬᠦᠰᠴᠤ᠂ ᠬᠦᠮᠦᠰ ᠬᠤᠬᠢᠷᠠᠯ ᠢᠶᠠᠨ ᠡᠭᠡᠭᠦᠯᠦᠨ  ᠠᠪᠴᠢᠷᠠᠬᠤ ᠳᠤ  ᠬᠦᠴᠢᠷ ᠲᠠᠢ  ᠪᠠᠶᠢᠳᠠᠭ᠃  ᠬᠡᠪᠡᠴᠦ  ᠬᠠᠮᠢᠶᠠᠷᠬᠤ  ᠦᠬᠡᠢ ᠰᠠᠭᠤᠵᠤ ᠪᠤᠯᠬᠤ ᠦᠭᠡᠢ᠂ ᠬᠤᠷᠳᠤᠬᠠᠨ ᠲᠤᠳᠤᠭᠠᠳᠦ ᠶᠢ ᠬᠠᠮᠠᠭᠠᠯᠠᠬᠤ ᠰᠠᠯᠠᠭ᠎ᠠ ᠮᠦᠴᠢᠷ ᠲᠤ ᠬᠡᠷᠡᠭ ᠢᠶᠠᠨ ᠮᠡᠳᠡᠭᠦᠯᠬᠦ ᠬᠡᠷᠡᠭᠳᠠᠢ᠃ ᠬᠡᠷᠪᠡ ᠲᠤᠭᠳᠠᠭᠰᠠᠨ ᠬᠤᠭᠤᠴᠠᠭᠠᠨ ᠳᠤ᠂ ᠬᠡᠷᠡᠭ ᠤᠨ ᠮᠡᠳᠡᠭᠦᠯᠦᠯᠳᠡ ᠪᠠ ᠵᠠᠭᠠᠯᠳᠤᠯᠭ᠎ᠠ ᠨᠢ ᠶᠠᠠᠮᠷ ᠨᠢᠭᠡᠨ ᠠᠵᠤ ᠠᠬᠤᠢᠢᠯᠠᠯ ᠪᠤᠶᠤ ᠶᠠᠮᠠᠷ ᠨᠢᠭᠡᠨ ᠬᠦᠷᠢᠶ᠎ᠠ ᠴᠠᠷᠠᠭ᠎ᠠ ᠳᠤ ᠲᠦᠪᠯᠡᠷᠡᠪᠡᠯ᠂ ᠪᠦᠷᠢᠳᠭᠡᠭᠦᠯᠭᠦ ᠶᠢᠨ ᠪᠠᠷᠢᠮᠵᠢᠶᠡᠨ ᠳᠤ ᠬᠦᠷᠪᠡᠯ  ᠬᠠᠮᠢᠶ᠎ᠠ ᠪᠦᠬᠦᠢ ᠰᠠᠯᠠᠭ᠎ᠠ ᠮᠦᠴᠢᠷ ᠬᠠᠤᠯᠢ ᠴᠠᠭᠠᠵᠠ ᠶᠢᠨ ᠲᠤᠭᠳᠠᠭᠠᠯ ᠢᠶᠠᠷ᠂ ᠠᠷᠭ᠎ᠠ ᠬᠡᠮᠵᠢᠶ᠎ᠠ ᠠᠪᠴᠤ ᠤᠯᠠᠨ ᠨᠡᠶᠢᠳᠡ ᠶᠢᠨ ᠡᠷᠭᠡ ᠠᠰᠢᠭ ᠢ ᠬᠠᠮᠠᠭᠠᠯᠠᠵᠤ ᠲᠡᠶᠢᠯᠦᠨ᠎ᠠ᠃         ᠬᠤᠪᠢ ᠬᠦᠮᠦᠨ ᠪᠠᠰᠠ ᠦᠪᠡᠷ ᠤᠨ ᠢᠶᠠᠨ  ᠮᠡᠳᠡᠭᠡ  ᠵᠠᠩᠭᠢ ᠶᠢᠨ  ᠠᠮᠤᠷ  ᠲᠦᠪᠰᠢᠨ ᠢᠶᠠᠨ  ᠬᠠᠮᠠᠭᠠᠯᠠᠬᠤ  ᠦᠵᠡᠯ ᠤᠬᠠᠮᠰᠠᠷ ᠢᠶᠠᠨ ᠳᠡᠭᠡᠭᠰᠢᠯᠡᠬᠦᠯᠬᠦ ᠬᠡᠷᠡᠭᠲᠠᠢ᠃ ᠲᠦᠷᠭᠡᠨ ᠭᠤᠪᠢᠭᠤᠯᠭ᠎ᠠ ᠶᠢᠨ ᠬᠠᠭᠤᠳᠠᠰᠤ᠂ ᠬᠦᠯᠢᠶᠡᠨ ᠠᠪᠤᠭᠰᠠᠨ ᠪᠠᠷᠢᠮᠳᠠ ᠵᠡᠷᠭᠡ ᠴᠢᠬᠤᠯᠠ ᠮᠡᠳᠡᠭᠡ ᠵᠠᠩᠭᠢ ᠪᠠᠨ ᠲᠤᠷ᠎ᠠ ᠪᠠᠷ ᠬᠠᠶᠠᠵᠤ ᠪᠤᠯᠬᠤ ᠦᠭᠡᠢ︔ APP ᠪᠠᠭᠤᠯᠭᠠᠬᠤ ᠳᠤ ᠬᠤᠪᠢ ᠶᠢᠨ  ᠨᠢᠭᠤᠴᠠ ᠲᠠᠢ ᠬᠤᠯᠪᠤᠭᠳᠠᠭᠰᠠᠨ ᠭᠡᠷ᠎ᠠ ᠶᠢ  ᠰᠠᠶᠢᠳᠤᠷ  ᠤᠡᠭᠰᠢᠬᠤ  ᠴᠢᠬᠤᠯᠠᠲᠠᠢ︔  ᠨᠡᠶᠢᠭᠡᠮ ᠤᠨ  ᠬᠠᠷᠢᠯᠴᠠᠭ᠎ᠠ ᠶᠢᠨ  ᠰᠦᠯᠵᠢᠶᠡᠨ  ᠳᠡᠭᠡᠷ᠎ᠠ ᠴᠢᠳᠠᠬᠤ ᠶᠢᠨ ᠲᠤᠳᠤᠷ᠎ᠠ ᠬᠤᠪᠢ ᠬᠦᠮᠦᠨ ᠤ ᠮᠡᠳᠡᠭᠡ ᠵᠠᠩᠭᠢ ᠪᠠᠨ ᠵᠠᠳᠠᠷᠠᠭᠤᠯᠬᠤ ᠦᠭᠡᠢ︔ ᠳᠡᠰ ᠬᠤᠪᠢᠶᠠᠨ ᠨᠢᠭᠤᠴᠠ  ᠨᠤᠮᠧᠷ ᠲᠤᠭᠳᠠᠭᠠᠨ᠎ᠠ︔ ᠡᠩ ᠤᠨ  ᠴᠠᠭ ᠲᠤ  ᠭᠡᠷ ᠤᠨ  ᠠᠬᠠᠮᠠᠳ ᠲᠠᠢ ᠪᠠᠨ  ᠰᠡᠳᠬᠢᠯ  ᠰᠠᠨᠠᠭ᠎ᠠ ᠪᠠᠨ  ᠰᠤᠯᠢᠯᠴᠠᠵᠤ᠂  ᠳᠡᠳᠡᠨᠠᠷ ᠲᠤ ᠦᠪᠡᠷ ᠤᠨ ᠮᠡᠳᠡᠭᠡ ᠵᠠᠩᠭᠢ ᠪᠠᠨ ᠬᠠᠮᠠᠭᠠᠯᠠᠬᠤ ᠮᠡᠳᠡᠯᠭᠡ ᠶᠢ ᠵᠢᠭᠠᠵᠤ ᠦᠭᠴᠤ᠂ ᠳᠡᠳᠡᠨᠠᠷ ᠤᠨ  ᠮᠡᠭᠡᠯᠡᠭᠳᠡᠬᠦ ᠠᠴᠠ  ᠵᠠᠶᠢᠯᠠᠰᠬᠢᠪᠠᠯ ᠵᠤᠬᠢᠨ᠎ᠠ᠃ ᠬᠤᠪᠢ ᠬᠦᠮᠦᠨ ᠤ ᠮᠡᠳᠡᠭᠡ ᠵᠠᠩᠭᠢ ᠶᠢ ᠬᠠᠮᠠᠭᠠᠯᠠᠬᠤ ᠳᠤ᠂ ᠵᠠᠰᠠᠭ ᠤᠨ ᠤᠷᠳᠤᠨ᠂ ᠠᠵᠤ  ᠠᠬᠤᠢᠢᠯᠠᠯ  ᠪᠠ  ᠬᠤᠪᠢ‌‍ᠬᠦ᠋ᠮᠦᠨ ᠤ ᠬᠠᠮᠵᠢᠯᠴᠠᠭ᠎ᠠ ᠶᠢ ᠬᠡᠷᠡᠭᠰᠡᠨ᠎ᠠ᠃        ᠬᠤᠯᠪᠤᠭᠠᠰᠤ᠄        ᠲᠦᠷᠭᠡᠨ ᠭᠤᠪᠢᠭᠤᠯᠭ᠎ᠠ ᠶᠢᠨ ᠬᠠᠭᠤᠳᠠᠰᠤᠨ  ᠳᠡᠭᠡᠷᠡᠭᠢ ᠬᠤᠪᠢ ᠶᠢᠨ ᠨᠢᠭᠤᠴᠠ ᠪᠠᠨ  ᠰᠢᠢᠳᠪᠦᠷᠢᠯᠡᠬᠦ ᠬᠡᠳᠦᠨ ᠵᠦᠢᠯ ᠤᠨ ᠠᠷᠭ᠎ᠠ              1. ᠲᠦᠷᠭᠡᠨ ᠭᠤᠪᠢᠭᠤᠯᠭ᠎ᠠ ᠶᠢᠨ ᠬᠠᠭᠤᠳᠠᠰᠤ ᠶᠢ ᠤᠷᠠᠬᠤ ᠪᠤᠶᠤ ᠬᠤᠰᠤᠵᠤ ᠬᠤᠭ ᠤᠨ ᠬᠠᠶᠢᠷᠴᠠᠭ ᠲᠤ ᠬᠠᠶᠠᠨ᠎ᠠ᠃       2. ᠲᠦᠷᠭᠡᠨ ᠭᠤᠪᠢᠭᠤᠯᠭ᠎ᠠ ᠶᠢᠨ ᠬᠠᠭᠤᠳᠠᠰᠤ ᠪᠠᠨ ᠦᠪᠡᠷ ᠢᠶᠠᠨ ᠬᠠᠳᠠᠭᠠᠯᠠᠨ᠎ᠠ᠃        3. ᠴᠡᠴᠡᠭ ᠤᠨ ᠨᠡᠷᠡᠮᠡᠯ ᠢ ᠲᠦᠷᠭᠡᠨ ᠭᠤᠪᠢᠭᠤᠯᠭ᠎ᠠ ᠶᠢᠨ  ᠬᠠᠭᠤᠳᠠᠰᠤ  ᠳᠡᠭᠡᠷ᠎ᠠ  ᠰᠦᠷᠴᠢᠪᠡᠯ  ᠮᠡᠳᠡᠭᠡ  ᠵᠠᠩᠭᠢ ᠶᠢ ᠠᠷᠢᠯᠭᠠᠵᠤ ᠲᠡᠶᠢᠯᠦᠨ᠎ᠠ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号