| ᠵᠤᠨ ᠤ ᠴᠠᠭ ᠲᠦᠬᠦᠭᠡᠢ ᠭᠠ ᠢᠳᠡᠪᠡᠯ ᠪᠡᠶ᠎ᠡ ᠳᠤ ᠰᠠᠶᠢᠨ | ᠬᠤᠤᠷ ᠲᠠᠶᠢᠯᠬᠤ᠄ | ᠲᠦᠬᠦᠭᠡᠢ ᠭᠠ ᠨᠢ ᠢᠳᠡᠰᠢᠨ ᠤ ᠬᠤᠤᠷᠳᠠᠯᠭ᠎ᠠ ᠶᠢ ᠨᠠᠮᠳᠠᠭᠤᠯᠵᠤ ᠴᠢᠳᠠᠨ᠎ᠠ᠃ ᠵᠢᠭᠠᠰᠤ᠂ ᠨᠠᠢᠮᠠᠯᠵᠢ ᠢᠳᠡᠭᠰᠡᠨ | ᠤ ᠲᠠᠷᠠᠭ᠎ᠠ ᠪᠦᠭᠡᠯᠵᠢᠬᠦ᠂ ᠰᠠᠭᠤᠯᠭᠠᠬᠤ᠂ ᠭᠡᠳᠡᠰᠤ ᠡᠪᠡᠳᠬᠦ ᠵᠡᠷᠭᠡ ᠡᠪᠡᠳᠴᠢᠨ ᠤ ᠢᠯᠡᠷᠡᠯ ᠡᠬᠦᠰᠪᠡᠯ᠂ ᠲᠦᠬᠦᠭᠡᠢ ᠭᠠ | ᠪᠤᠯᠤᠨ ᠪᠤᠷᠤ ᠮᠠᠭᠠᠵᠢ ᠶᠢᠨ ᠨᠠᠪᠴᠢ ᠠᠴᠠ ᠲᠤᠰ ᠲᠤᠰ 30 ᠭᠷᠡᠮ ᠠᠪᠴᠤ ᠤᠰᠤᠨ ᠳᠤ ᠪᠤᠴᠠᠯᠭᠠᠭᠠ᠊ ᠵᠤᠬᠢᠬᠤ | ᠤᠯᠠᠭᠠᠨ ᠰᠢᠬᠢᠷ ᠬᠢᠵᠤ᠂ ᠡᠳᠤᠷ ᠪᠦᠷᠢ ᠬᠤᠶᠠᠷ ᠤᠳᠠᠭ᠎ᠠ ᠤᠤᠭᠤᠵᠤ ᠪᠤᠯᠤᠨ᠎ᠠ᠃ ᠨᠠᠢᠮᠠᠯᠵᠢ ᠢᠳᠡᠬᠦ ᠦᠶ᠎ᠡ ᠳᠤ ᠶᠡᠷᠤ | ᠳᠡᠭᠡᠨ ᠭᠠ ᠶᠢᠨ ᠬᠡᠮᠬᠡᠳᠡᠭ᠂ ᠼᠣᠤ᠂ ᠰᠢᠬᠢᠷ ᠬᠤᠯᠢᠬᠤ ᠪᠤᠯ ᠪᠠᠰᠠ ᠶᠤᠰᠤ ᠲᠠᠢ ᠶᠤᠮ᠃ ᠤᠴᠢᠷ ᠨᠢ ᠨᠠᠢᠮᠠᠯᠵᠢ ᠪᠤᠯ | ᠬᠥᠢᠳᠡᠨ ᠴᠢᠨᠠᠷ ᠲᠠᠢ ᠪᠦᠭᠡᠳ ᠰᠢᠩᠭᠡᠭ ᠦᠨᠤᠷ ᠲᠠᠢ ᠪᠤᠯᠬᠤᠷ ᠬᠠᠯᠠᠭᠤᠨ ᠴᠢᠨᠠᠷ ᠲᠠᠢ ᠭᠠ ᠲᠠᠢ ᠬᠤᠯᠢᠵᠤ ᠢᠳᠡᠪᠡᠯ | ᠬᠤᠳᠤᠭᠤᠳᠤ ᠲᠡᠯᠢᠬᠦᠤ ᠳᠤ ᠤᠴᠠᠷᠠᠭᠤᠯᠬᠤ ᠬᠡᠮᠳᠤᠯ ᠢ ᠪᠠᠭᠠᠰᠬᠠᠵᠤ ᠪᠤᠯᠤᠨ᠎ᠠ᠂ ᠢᠯᠠᠩᠭᠤᠶ᠎ᠠ ᠬᠤᠳᠤᠭᠠᠳᠤ ᠲᠡᠯᠢᠬᠦᠤ | ᠬᠤᠭᠤᠰᠤᠷᠬᠠᠭ ᠬᠥᠢᠳᠡᠡ ᠬᠥᠮᠤᠨ ᠳ᠋ᠥᠨᠡᠩ ᠰᠠᠶᠢᠨ ᠪᠠᠶᠢᠳᠠᠭ᠃ ᠭᠡᠭᠡᠷ᠎ᠡ ᠶᠢᠨ ᠨᠤᠭᠤᠭ᠎ᠠ ᠳᠤ ᠬᠤᠣᠷᠳᠠᠭᠳᠠᠭᠠᠳ | ᠭᠡᠯᠡ ᠠᠮᠠ ᠮᠢᠨᠴᠦᠬᠦᠷᠡᠬᠦ ᠦᠶ᠎ᠡ ᠳᠤ ᠪᠠᠷᠢᠨ ᠲᠤᠤᠷ᠎ᠠ ᠨᠢ ᠲᠦᠬᠦᠭᠡᠢ ᠭᠠ ᠵᠠᠵᠢᠯᠪᠠᠯ ᠬᠤᠤᠷᠳᠠᠭᠳᠠᠯ ᠢ ᠨᠠᠮᠳᠠᠭᠤᠯᠵᠤ | ᠴᠢᠳᠠᠨ᠎ᠠ᠃ | ᠲᠠᠬᠰᠢᠭᠤᠷ ᠢ ᠰᠡᠷᠭᠡᠶᠢᠯᠡᠬᠦ᠄ | ᠬᠢᠳᠡᠳ ᠡᠮᠨᠡᠯᠭᠡ ᠶᠢᠨ ᠦᠵᠡᠬᠦ ᠪᠠᠷ᠂ ᠭᠠ ᠨᠢ ᠭᠤᠱᠤᠭᠤᠨ ᠪᠦᠭᠡᠳ ᠪᠦᠯᠢᠶᠡᠨ ᠴᠢᠨᠠᠷ ᠲᠠᠢ ᠪᠠᠶᠢᠵᠤ᠂ | ᠬᠥᠯᠤᠰᠤ ᠭᠠᠷᠭᠠᠵᠤ ᠭᠠᠳᠠᠷ ᠭᠡᠮ ᠢ ᠠᠷᠢᠯᠭᠠᠬᠤ᠂ ᠪᠦᠭᠡᠯᠵᠢᠬᠦ ᠶᠢ ᠵᠤᠬᠰᠤᠭᠠᠬᠤ᠂ ᠴᠠᠷ ᠢ ᠠᠷᠢᠯᠭᠠᠬᠤ᠂ ᠰᠢᠩᠭᠡᠭᠡᠯᠳᠡ | ᠶᠢ ᠰᠠᠶᠢᠵᠢᠷᠠᠭᠤᠯᠬᠤ ᠵᠡᠷᠭᠡ ᠦᠢᠯᠡᠳᠤᠯ ᠲᠠᠢ ᠪᠤᠯᠬᠤᠷ ᠲᠠᠬᠰᠢᠭᠤᠷ ᠢ ᠰᠡᠷᠭᠡᠶᠢᠯᠡᠵᠤ ᠪᠤᠯᠤᠨ᠎ᠠ᠃ ᠲᠠᠭᠰᠢᠭᠤᠷ ᠬᠥᠷᠬᠦ | ᠦᠶ᠎ᠡ ᠳᠤ ᠬᠡᠳᠤᠨ ᠬᠡᠰᠡᠭ ᠲᠦᠬᠦᠭᠡᠢ ᠭᠠ ᠢᠳᠡᠪᠡᠯ ᠴᠢᠰᠤᠨ ᠤ ᠡᠷᠬᠢᠯᠳᠡ ᠶᠢ ᠠᠬᠢᠭᠤᠯᠵᠤ᠂ ᠪᠦᠬᠦ ᠪᠡᠶ᠎ᠡ ᠶᠢ | ᠬᠥᠯᠤᠷᠡᠬᠦᠯᠵᠤ᠂ ᠲᠠᠭᠰᠢᠭᠤᠷ ᠢ ᠨᠠᠮᠳᠠᠭᠤᠯᠵᠤ ᠪᠤᠯᠤᠨ᠎ᠠ᠃ ᠡᠬᠦᠨ ᠠᠴᠠ ᠭᠠᠳᠠᠨ᠎ᠠ ᠪᠠᠰᠠ 5 ᠰᠤᠩᠬᠢᠨ᠎ᠠ ᠪᠤᠯᠤᠨ 3 | ᠬᠡᠰᠡᠭ ᠲᠦᠬᠦᠭᠡᠢ ᠭᠠ ᠶᠢ ᠤᠰᠤᠨ ᠳᠤ ᠪᠤᠴᠠᠯᠭᠠᠭᠠᠳ ᠤᠯᠠᠭᠠᠨ ᠰᠢᠬᠢᠷ ᠬᠢᠵᠤ ᠬᠠᠯᠠᠭᠤᠨ ᠲᠡᠭᠡᠷ᠎ᠡ ᠨᠢ ᠤᠤᠭᠤᠵᠤ | ᠪᠤᠯᠤᠨ᠎ᠠ᠃ ᠲᠦᠬᠦᠭᠡᠢ ᠭᠠ ᠶᠢ ᠨᠢᠴᠠᠯᠠᠭᠠᠳᠡᠪᠡᠳᠴᠢᠳᠠᠨ ᠤ ᠬᠥᠯ ᠤᠨ ᠤᠯᠠ ᠶᠢᠨ ᠲᠦᠪ᠂ ᠴᠡᠭᠡᠵᠢ᠂ ᠨᠢᠷᠤᠭᠤ ᠵᠢᠴᠢ | ᠭᠠᠷ ᠤᠨ ᠲᠤᠬᠤᠢ ᠶᠢᠨ ᠬᠡᠰᠡᠭ ᠲᠤ ᠲᠦᠷᠬᠢᠪᠡᠯ ᠪᠠᠰᠠ ᠬᠥᠯᠤᠷᠡᠬᠦᠯᠬᠦ ᠶᠢᠨ ᠤᠯᠠᠮ ᠠᠴᠠ ᠲᠠᠬᠰᠢᠭᠤᠷ ᠢ ᠵᠠᠰᠠᠵᠤ | ᠪᠤᠯᠤᠨ᠎ᠠ᠃ | ᠬᠥᠭᠰᠢᠷᠡᠬᠦ ᠶᠢ ᠤᠳᠠᠭᠠᠰᠢᠷᠠᠭᠤᠯᠬᠤ᠄ | ᠲᠦᠬᠦᠭᠡᠢ ᠭᠠ ᠨᠢ ᠢᠰᠤᠯᠳᠤᠬᠦ ᠶᠢ ᠡᠰᠡᠷᠬᠦᠴᠡᠬᠦ ᠦᠢᠯᠡᠳᠤᠯ ᠲᠠᠢ ᠪᠤᠯᠬᠤᠷ ᠲᠡᠬᠦᠨ ᠤ ᠲᠤᠳᠤᠷᠡᠬᠢ | ᠭᠤᠱᠤᠭᠤᠨ ᠪᠦᠷᠢᠯᠳᠤᠬᠦᠨ ᠨᠢ ᠬᠡᠳᠤ ᠢᠰᠤᠮᠡᠭ ᠦᠭᠡᠬᠦᠨ ᠡᠳ᠋ ᠤᠨ ᠪᠤᠢ ᠪᠤᠯᠬᠤ ᠶᠢ ᠨᠠᠮᠳᠠᠭᠤᠯᠬᠤ ᠶᠢᠨ ᠤᠯᠠᠮ | ᠠᠴᠠ ᠬᠥᠭᠰᠢᠷᠡᠬᠦ ᠶᠢ ᠤᠳᠠᠭᠠᠰᠢᠷᠠᠭᠤᠯᠬᠤ ᠦᠢᠯᠡᠳᠤᠯ ᠭᠠᠷᠭᠠᠳᠠᠭ᠃ ᠬᠥᠮᠤᠨ ᠤ ᠪᠡᠶ᠎ᠡ ᠳᠠᠬᠢ ᠴᠢᠯᠤᠭᠡᠳᠤ ᠪᠦᠯᠦᠭ | ᠪᠤᠯ ᠨᠢᠭᠡ ᠵᠦᠢᠯ ᠤᠨ ᠬᠥᠭᠰᠢᠷᠡᠬᠦᠯᠬᠦ ᠹᠠᠺᠲ᠋ᠤᠷ ᠮᠦᠨ᠂ ᠲᠡᠷᠡ ᠨᠢ ᠬᠡᠷᠪᠡ ᠭᠡᠳᠤᠷᠭᠡᠢ ᠬᠥᠭᠵᠢᠶᠡᠨᠳᠡᠢ ᠪᠤᠯᠪᠠᠯ ᠬᠥᠮᠤᠨ | ᠢ ᠡᠷᠳᠡ ᠬᠥᠭᠰᠢᠷᠡᠬᠦᠯᠳᠡᠭ᠂ ᠭᠠ ᠳᠤ ᠠᠭᠤᠯᠤᠭᠳᠠᠵᠤ ᠪᠠᠶᠢᠭ᠎ᠠ ᠭᠤᠱᠤᠭᠤᠨ ᠡᠳ᠋ ᠨᠢ ᠴᠢᠯᠤᠭᠡᠳᠤ ᠪᠦᠯᠦᠭ ᠢ | ᠪᠦᠳᠤᠮᠵᠢᠳᠠᠢ ᠬᠢᠵᠠᠭᠠᠷᠯᠠᠵᠤ ᠴᠢᠳᠠᠨ᠎ᠠ᠃ ᠡᠬᠦᠨ ᠠᠴᠠ ᠭᠠᠳᠠᠨ᠎ᠠ᠂ ᠲᠦᠬᠦᠭᠡᠢ ᠭᠠ ᠳᠤ ᠠᠭᠤᠯᠤᠭᠳᠠᠵᠤ ᠪᠠᠶᠢᠭ᠎ᠠ | ᠭᠤᠱᠤᠭᠤᠨ ᠡᠳ᠋ ᠨᠢ ᠬᠥᠮᠤᠨ ᠤ ᠪᠡᠶ᠎ᠡ ᠳᠤ ᠰᠢᠩᠭᠡᠭᠰᠡᠨᠤ ᠲᠠᠷᠠᠭ᠎ᠠ᠂ ᠬᠥᠳᠡᠯᠭᠡᠭᠡᠨ ᠤ ᠲᠦᠪ᠂ ᠠᠮᠢᠰᠬᠤᠯ ᠤᠨ ᠲᠦᠪ | ᠪᠤᠯᠤᠨ ᠵᠢᠷᠤᠭᠡ ᠶᠢ ᠬᠥᠭᠡᠷᠤᠬᠦᠯᠬᠦ ᠦᠢᠯᠡᠳᠤᠯ ᠭᠠᠷᠭᠠᠳᠠᠭ᠃ | ᠡᠪᠡᠳᠬᠦ ᠶᠢ ᠲᠠᠷᠤᠬᠤ᠄ | ᠲᠦᠬᠦᠭᠡᠢ ᠭᠠ ᠳᠤ ᠤᠳᠠ ᠶᠢᠨ ᠬᠥᠴᠢᠯ ᠲᠠᠢ ᠠᠳᠠᠯᠢᠪᠳᠤᠷ ᠨᠢᠭᠡ ᠵᠦᠢᠯ ᠤᠨ ᠪᠤᠳᠡᠰ ᠠᠭᠤᠯᠤᠭᠳᠠᠵᠤ | ᠪᠠᠶᠢᠳᠠᠭ ᠪᠤᠯᠬᠤᠷ ᠡᠪᠡᠳᠬᠦ ᠶᠢ ᠲᠠᠷᠤᠵᠤ ᠦᠷᠪᠢᠰᠤᠯ ᠢ ᠡᠰᠡᠷᠬᠦᠴᠡᠬᠦ ᠦᠢᠯᠡᠳᠤᠯ ᠲᠠᠢ ᠶᠤᠮ᠂ ᠬᠡᠷᠤᠬᠦ ᠡᠪᠡᠳᠴᠢᠨ | ᠠᠴᠠ ᠪᠤᠯᠵᠤ ᠭᠠᠷ ᠬᠥᠯ ᠱᠠᠷᠬᠢᠷᠠᠬᠤ ᠪᠠ ᠬᠥᠯ ᠨᠢᠷᠤᠭᠤ ᠡᠪᠡᠳᠬᠦ ᠦᠶ᠎ᠡ ᠳᠤ ᠭᠠ ᠲᠠᠢ ᠰᠢᠬᠢᠷᠯᠢᠭ ᠤᠰᠤ | ᠤᠤᠭᠤᠵᠤ ᠪᠠᠭ᠋ᠠᠨ ᠬᠥᠯᠤᠷᠡᠪᠡᠯ ᠡᠪᠡᠳᠬᠦ ᠶᠢ ᠨᠠᠮᠳᠠᠭᠤᠯᠵᠤ ᠪᠤᠯᠤᠨ᠎ᠠ᠃ ᠡᠶᠢᠮᠤ ᠪᠤᠳᠡᠰ ᠢ ᠭᠠᠷᠭᠠᠨ ᠠᠪᠴᠤ | ᠰᠢᠩᠭᠡᠷᠡᠬᠦᠯᠤᠭᠡᠳ ᠴᠢᠰᠤ ᠰᠢᠩᠭᠡᠷᠡᠬᠦᠯᠦᠭᠴᠢ ᠪᠤᠯᠭᠠᠪᠠᠯ ᠴᠢᠰᠤ ᠬᠠᠳᠠᠭᠤᠷᠠᠬᠤ ᠶᠢ ᠨᠠᠮᠳᠠᠭᠤᠯᠵᠤ ᠪᠤᠯᠤᠨ᠎ᠠ᠂ ᠡᠶᠢᠮᠤ | ᠠᠴᠠ ᠴᠢᠰᠤᠨ ᠤ ᠦᠭᠡᠭᠦ ᠶᠢ ᠪᠠᠭᠠᠰᠬᠠᠬᠤ᠂ ᠴᠢᠰᠤᠨ ᠲᠠᠷᠤᠯᠳᠠ ᠶᠢ ᠪᠠᠭᠤᠷᠠᠭᠤᠯᠬᠤ᠂ ᠴᠢᠰᠤᠨ ᠪᠦᠯᠦᠩ ᠤᠨ ᠪᠤᠢ | ᠪᠤᠯᠬᠤ ᠪᠠ ᠵᠢᠷᠤᠭᠡᠨ ᠤ ᠪᠤᠯᠴᠢᠩ ᠪᠢᠳᠡᠬᠦᠷᠡᠨ ᠦᠬᠦᠵᠢᠬᠦ ᠶᠢ ᠰᠡᠷᠭᠡᠶᠢᠯᠡᠬᠦ ᠲᠠᠯ᠎ᠠ ᠪᠠᠷ ᠵᠤᠬᠢᠬᠤ ᠦᠢᠯᠡᠳᠤᠯ ᠲᠠᠢ | ᠪᠠᠶᠢᠳᠠᠭ᠃ | | 5 ᠵᠦᠢᠯ ᠤᠨ ᠭᠠ ᠲᠠᠢ ᠱᠦᠯᠤ ᠨᠢ ᠬᠠᠴᠢᠨ ᠦᠢᠯᠡᠳᠤᠯ ᠲᠠᠢ ᠪᠠᠶᠢᠵᠤ᠂ | ᠡᠪᠡᠳᠴᠢᠨ ᠢ ᠰᠡᠷᠭᠡᠶᠢᠯᠡᠨ ᠤᠷᠳᠤ ᠨᠠᠰᠤᠯᠠᠵᠤ ᠤᠳᠠᠭᠠᠨ ᠵᠢᠷᠭᠠᠭᠤᠯᠵᠤ ᠴᠢᠳᠠᠨ᠎ᠠ | | ᠴᠢᠪᠠᠭ᠎ᠠ ᠬᠢᠭᠰᠡᠨ ᠭᠠ ᠲᠠᠢ ᠱᠦᠯᠤ | ᠴᠢᠪᠠᠭ᠎ᠠ ᠨᠢ ᠲᠠᠰᠢᠭᠤᠨ ᠪᠦᠭᠡᠳ ᠪᠦᠯᠢᠶᠡᠨ ᠴᠢᠨᠠᠷ ᠲᠠᠢ ᠪᠤᠯᠬᠤᠷ ᠬᠤᠳᠤᠭᠤᠳᠤ ᠲᠡᠯᠢᠬᠦᠤ ᠶᠢ ᠰᠡᠯᠪᠢᠨ | ᠰᠤᠪᠢᠯᠠᠵᠤ᠂ᠴᠢᠰᠤ ᠨᠦᠬᠦᠵᠤ ᠵᠢᠷᠤᠭᠡ ᠶᠢ ᠲᠠᠶᠢᠪᠤᠰᠢᠷᠠᠭᠤᠯᠬᠤ ᠦᠢᠯᠡᠳᠤᠯ ᠲᠠᠢ ᠪᠠᠶᠢᠳᠠᠭ︔ ᠲᠦᠬᠦᠭᠡᠢ ᠭᠠ ᠨᠢ | ᠭᠤᠱᠤᠭᠤᠨ ᠪᠦᠭᠡᠳ ᠪᠦᠯᠢᠶᠡᠨ ᠴᠢᠨᠠᠷ ᠲᠠᠢ ᠪᠤᠯᠬᠤᠷ ᠬᠤᠳᠤᠭᠤᠳᠤ ᠲᠡᠯᠢᠬᠦᠤ ᠶᠢ ᠪᠦᠯᠢᠶᠡᠰᠭᠡᠵᠤ ᠪᠦᠭᠡᠯᠵᠢᠬᠦ ᠶᠢ | ᠵᠤᠬᠰᠤᠭᠠᠬᠤ᠂ ᠬᠥᠯᠤᠰᠤ ᠭᠠᠷᠭᠠᠵᠤ ᠬᠥᠢᠳᠡᠨ ᠢ ᠬᠥᠭᠡᠭᠡᠬᠦ ᠦᠢᠯᠡᠳᠤᠯ ᠲᠠᠢ ᠪᠠᠶᠢᠳᠠᠭ︔ ᠡᠨᠡ ᠬᠤᠶᠠᠷ ᠢ ᠬᠠᠮᠳᠤ | ᠵᠠᠷᠤᠪᠠᠯ ᠭᠠ ᠶᠢᠨ ᠦᠢᠯᠡᠳᠤᠯ ᠢ ᠬᠥᠢᠴᠡᠳ ᠪᠠᠳᠠᠷᠠᠭᠤᠯᠤᠨ᠂ ᠴᠢᠰᠤ ᠬᠡᠢ ᠶᠢᠨ ᠡᠷᠬᠢᠯᠳᠡ ᠶᠢ ᠠᠬᠢᠭᠤᠯᠵᠤ᠂ ᠭᠠᠷ | ᠬᠥᠯ ᠬᠦᠢᠲᠡ ᠤᠷᠬᠢᠬᠤ ᠡᠪᠡᠳᠴᠢᠨ ᠢ ᠰᠠᠶᠢᠵᠢᠷᠠᠭᠤᠯᠵᠤ ᠪᠤᠯᠤᠨ᠎ᠠ᠃ ᠡᠬᠦᠨ ᠠᠴᠠ ᠭᠠᠳᠠᠨ᠎ᠠ᠂ ᠲᠦᠬᠦᠭᠡᠢ ᠭᠠ ᠨᠢ | ᠪᠡᠶ᠎ᠡ ᠶᠢ ᠲᠤᠯᠠᠭᠠᠴᠠᠭᠤᠯᠬᠤ ᠳᠤ ᠴᠢᠪᠠᠭ᠎ᠠ ᠨᠢ ᠴᠢᠰᠤ ᠬᠡᠢ ᠶᠢ ᠰᠠᠶᠢᠵᠢᠷᠠᠭᠤᠯᠳᠠᠭ ᠪᠤᠯᠬᠤᠷ ᠬᠥᠢᠳᠡᠨ ᠰᠡᠷᠢᠬᠦᠨ ᠠᠴᠠ | ᠪᠤᠯᠤᠭᠰᠠᠨ ᠬᠤᠳᠤᠭᠤᠳᠤᠨ ᠡᠪᠡᠳᠴᠢᠨ ᠢ ᠵᠠᠰᠠᠬᠤ ᠳᠤ ᠮᠠᠰᠢ ᠰᠠᠶᠢᠨ ᠦᠢᠯᠡᠳᠤᠯ ᠲᠠᠢ ᠶᠤᠮ᠃ | ᠤᠯᠠᠭᠠᠨ ᠰᠢᠬᠢᠷ ᠬᠢᠭᠰᠡᠨ ᠭᠠ ᠲᠠᠢ ᠱᠦᠯᠤ | ᠤᠯᠠᠭᠠᠨ ᠰᠢᠬᠢᠷ ᠨᠢ ᠴᠢᠰᠤ ᠨᠦᠬᠦᠬᠦ᠂ ᠴᠢᠰᠤ ᠰᠠᠶᠢᠵᠢᠷᠠᠭᠤᠯᠬᠤ ᠦᠢᠯᠡᠳᠤᠯ ᠲᠠᠢ ᠪᠤᠯᠬᠤᠷ ᠭᠠ ᠲᠠᠢ ᠱᠦᠯᠤ | ᠳᠤ ᠬᠢᠵᠤ ᠤᠤᠭᠤᠪᠠᠯ ᠪᠡᠶ᠎ᠡ ᠶᠢᠨ ᠭᠠᠳᠠᠷᠭᠤ ᠳᠠᠬᠢ ᠡᠷᠬᠢᠯᠳᠡ ᠶᠢ ᠰᠠᠶᠢᠵᠢᠷᠡᠭᠤᠯᠵᠤ᠂ ᠲᠠᠭᠰᠢᠭᠤᠷ ᠢ ᠵᠠᠰᠠᠵᠤ | ᠪᠤᠯᠤᠨ᠎ᠠ᠃ ᠠᠩᠬᠠᠷᠤᠭᠤᠰᠢᠳᠠᠢ ᠨᠢ ᠭᠡᠪᠡᠯ᠂ ᠲᠦᠬᠦᠭᠡᠢ ᠭᠠ ᠶᠢᠨ ᠤᠯᠠᠭᠠᠨ ᠰᠢᠬᠢᠷ ᠲᠠᠢ ᠤᠰᠤ ᠶᠢ ᠵᠦᠪᠭᠡᠨ ᠬᠥᠢᠳᠡᠨ | ᠠᠴᠠ ᠪᠤᠯᠤᠭᠰᠠᠨ ᠲᠠᠭᠰᠢᠭᠤᠷ ᠪᠠ ᠪᠤᠷᠤᠭᠠᠨ ᠳᠤ ᠨᠤᠷᠤᠭᠳᠠᠭᠰᠠᠨ ᠤ ᠲᠠᠷᠠᠭᠠᠬᠢ ᠬᠤᠳᠤᠭᠤᠳᠤᠨ ᠬᠥᠢᠳᠡᠨ ᠢ | ᠵᠠᠰᠠᠬᠤ ᠳᠤ ᠤᠤᠭᠤᠵᠤ ᠪᠤᠯᠬᠤ ᠠᠴᠠ ᠪᠢᠰᠢ᠂ ᠬᠠᠯᠠᠭᠤᠨ ᠠᠴᠠ ᠪᠤᠯᠤᠭᠰᠠᠨ ᠲᠠᠭᠰᠢᠭᠤᠷ ᠢ ᠵᠠᠰᠠᠬᠤ ᠳᠤ | ᠤᠤᠭᠤᠵᠤ ᠪᠤᠯᠬᠤ ᠦᠭᠡᠢ᠃ | ᠨᠤᠭᠤᠭᠠᠨ ᠴᠠᠢ ᠶᠢᠨ ᠭᠠ ᠲᠠᠢ ᠱᠦᠯᠤ | ᠰᠠᠶ᠋ᠢᠬᠠᠨ ᠰᠢᠪᠬᠠᠵᠤ ᠭᠠᠷᠭᠠᠭᠰᠠᠨ ᠭᠠ ᠶᠢᠨ ᠰᠢᠬᠦᠰᠤ ᠨᠢ ᠨᠠᠷᠠᠰᠢᠬᠤ ᠶᠢ ᠰᠡᠷᠭᠡᠶᠢᠯᠡᠵᠤ ᠪᠤᠯᠤᠨ᠎ᠠ᠂ | ᠢᠯᠠᠩᠭᠤᠶ᠎ᠠ ᠬᠠᠯᠠᠭᠤᠨ ᠢ ᠠᠷᠢᠯᠭᠠᠵᠤ ᠬᠤᠤᠷ ᠢ ᠲᠠᠶᠢᠯᠬᠤ ᠪᠠ ᠲᠠᠮᠢᠷᠵᠢᠭᠤᠯᠵᠤ ᠠᠭᠤᠵᠢᠷᠠᠭᠤᠯᠬᠤ ᠦᠢᠯᠡᠳᠤᠯ ᠲᠠᠢ | ᠨᠤᠭᠤᠭᠠᠨ ᠴᠠᠢ ᠲᠠᠢ ᠬᠤᠯᠢᠵᠤ ᠤᠤᠭᠤᠪᠠᠯ ᠦᠢᠯᠡᠳᠤᠯ ᠨᠢ ᠨᠡᠩ ᠰᠠᠶᠢᠨ ᠪᠤᠯᠬᠤ ᠶᠤᠮ᠃ ᠡᠬᠦᠨ ᠢ ᠪᠠᠵᠠᠭᠠᠬᠤ ᠳᠤ | ᠮᠠᠰᠢ ᠠᠮᠠᠷᠬᠠᠨ᠂ ᠨᠤᠭᠤᠭᠠᠨ ᠴᠠᠢ ᠪᠠ ᠭᠠ ᠶᠢᠨ ᠰᠢᠷᠭᠡᠭ ᠠᠴᠠ ᠲᠤᠰ ᠲᠤᠰ 5 ᠭᠷᠡᠮ ᠠᠪᠴᠤ᠂ ᠪᠤᠴᠠᠯᠤᠭᠰᠠᠨ | ᠤᠰᠤᠨ ᠳᠤ 10 ᠮᠢᠨᠦ᠋ᠲ ᠤᠷᠴᠢᠮ ᠪᠦᠷᠢᠪᠡᠯ ᠪᠤᠯᠴᠢᠬᠠᠨ᠎ᠠ᠃ ᠡᠬᠦᠨ ᠢ ᠵᠤᠨ ᠤ ᠬᠠᠯᠠᠭᠤᠨ ᠪᠠ ᠨᠠᠮᠤᠷ ᠤᠨ | ᠬᠠᠯᠠᠭᠤᠨ ᠤ ᠵᠠᠪᠰᠠᠷ ᠤᠤᠭᠤᠪᠠᠯ ᠨᠡᠩ ᠲᠤᠬᠢᠷᠠᠮᠵᠢᠳᠠᠢ ᠪᠠᠶᠢᠵᠤ᠂ ᠬᠠᠯᠠᠭᠤᠨ ᠢ ᠬᠦᠭᠡᠭᠡᠵᠤ ᠰᠡᠳᠬᠢᠯ | ᠠᠭᠤᠵᠢᠷᠠᠭᠤᠯᠬᠤ ᠦᠢᠯᠡᠳᠤᠯ ᠲᠠᠢ ᠪᠠᠶᠢᠳᠠᠭ᠃ | ᠲᠠᠪᠤᠰᠤ ᠼᠤᠤ ᠬᠢᠭᠰᠡᠨ ᠭᠠ ᠲᠠᠢ ᠱᠦᠯᠤ | ᠵᠤᠨ ᠤ ᠬᠠᠯᠠᠭᠤᠨ ᠳᠤ ᠬᠥᠮᠤᠰ ᠠᠮᠠᠷᠬᠠᠨ ︽ᠠᠭᠠᠷ ᠵᠤᠬᠢᠴᠠᠭᠤᠯᠤᠭᠤᠷ ᠤᠨ ᠡᠪᠡᠳᠴᠢᠨ︾ ᠳᠤ | ᠨᠡᠷᠪᠡᠭᠳᠡᠵᠤ᠂ ᠮᠦᠷᠤ ᠲᠠᠯᠤ ᠪᠠ ᠨᠢᠷᠤᠭᠤ ᠨᠢ ᠰᠠᠯᠬᠢ᠂ ᠬᠥᠢᠳᠡᠨ᠂ ᠨᠦᠢᠳᠡᠨ ᠵᠡᠷᠭᠡ ᠶᠢᠨ ᠬᠠᠯᠳᠠᠯᠭ᠎ᠠ ᠳᠤ ᠤᠴᠠᠷᠠᠳᠠᠭ᠂ | ᠡᠬᠦᠨ ᠳᠤ ᠨᠠᠰᠤᠳᠠᠶᠢᠴᠤᠳ ᠨᠡᠩ ᠠᠮᠠᠷᠬᠠᠨ ᠮᠦᠷᠤ ᠲᠠᠯᠤ ᠶᠢᠨ ᠦᠷᠪᠢᠰᠤᠯ ᠳᠤ ᠨᠡᠷᠪᠡᠭᠳᠡᠳᠡᠭ᠃ | ᠡᠶᠢᠮᠤ ᠪᠠᠶᠢᠳᠠᠯ ᠲᠤᠬᠢᠶᠠᠯᠳᠤᠪᠠᠯ ᠭᠠ ᠲᠠᠢ ᠱᠦᠯᠤ ᠪᠤᠴᠠᠯᠭᠠᠨ ᠤᠤᠭᠤᠵᠤ ᠪᠤᠯᠤᠨ᠎ᠠ᠂ ᠤᠷᠢᠳ ᠢᠶᠠᠷ | ᠪᠤᠴᠠᠯᠭᠠᠭᠰᠠᠨ ᠭᠠ ᠲᠠᠢ ᠱᠦᠯᠤ ᠳᠤ ᠪᠠᠭ᠎ᠠ ᠲᠠᠪᠤᠰᠤ ᠪᠠ ᠼᠤᠣ ᠬᠢᠵᠤ᠂ ᠲᠠᠷᠠᠭ᠎ᠠ ᠨᠢ ᠠᠯᠴᠢᠭᠤᠷ ᠨᠤᠷᠭᠠᠵᠤ | ᠰᠢᠪᠬᠠᠭᠠᠳ ᠡᠪᠡᠳᠴᠤ ᠪᠠᠶᠢᠭ᠎ᠠ ᠭᠠᠵᠠᠷ ᠲᠤ ᠲᠠᠬᠢᠨ ᠲᠠᠪᠳᠠᠨ ᠬᠡᠳᠤ ᠤᠳᠠᠭ᠎ᠠ ᠲᠦᠷᠬᠢᠪᠡᠯ ᠪᠤᠯᠴᠢᠩ ᠤᠨ | ᠴᠢᠩᠭᠠᠷᠠᠯᠳᠠ ᠶᠢ ᠰᠤᠯᠠᠷᠠᠭᠤᠯᠵᠤ᠂ ᠰᠢᠷᠪᠤᠰᠤ ᠶᠢ ᠲᠠᠯᠪᠢᠭᠤᠷᠠᠭᠤᠯᠤᠨ ᠴᠢᠰᠤ ᠶᠢ ᠰᠠᠶᠢᠵᠢᠷᠠᠭᠤᠯᠵᠤ᠂ ᠡᠪᠡᠳᠬᠦ ᠶᠢ | ᠶᠡᠭᠡ ᠪᠠᠷ ᠨᠠᠮᠳᠠᠭᠤᠯᠵᠤ ᠴᠢᠳᠠᠨ᠎ᠠ᠃ ᠡᠬᠦᠨ ᠠᠴᠠ ᠭᠠᠳᠠᠨ᠎ᠠ ᠪᠠᠰᠠ ᠪᠤᠴᠠᠯᠭᠠᠭᠰᠠᠨ ᠭᠠ ᠲᠠᠢ ᠱᠦᠯᠤ ᠳᠤ ᠠᠯᠴᠢᠭᠤᠷ | ᠢᠶᠠᠨ ᠲᠦᠷᠤᠵᠤ ᠲᠦᠷᠪᠡᠨ ᠮᠦᠴᠢ ᠶᠢᠨ ᠡᠪᠡᠳᠴᠤ ᠪᠠᠶᠢᠭ᠎ᠠ ᠭᠠᠵᠠᠷ ᠲᠤ ᠲᠦᠷᠬᠢᠵᠤ ᠪᠤᠯᠤᠨ᠎ᠠ᠃ | ᠭᠠ ᠶᠢᠨ ᠰᠢᠬᠦᠰᠤ ᠲᠠᠢ ᠺᠤᠯᠠ | ᠡᠨᠡ ᠨᠢ ᠬᠥᠢᠳᠡᠨ ᠠᠴᠠ ᠰᠡᠷᠭᠡᠶᠢᠯᠡᠨ ᠴᠡᠷ ᠢ ᠠᠷᠢᠯᠭᠠᠬᠤ ᠦᠢᠯᠡᠳᠤᠯ ᠲᠠᠢ᠂ ᠢᠯᠴᠢ ᠶᠢᠨ ᠬᠡᠮᠵᠢᠶ᠎ᠡ ᠶᠢ | ᠨᠡᠮᠡᠭᠳᠡᠬᠦᠯᠤᠨ ᠬᠤᠳᠤᠭᠤᠳᠤ ᠶᠢ ᠲᠤᠯᠠᠭᠠᠯᠠᠳᠠᠭ ᠪᠤᠯᠬᠤᠷ ᠡᠪᠤᠯ ᠤᠨ ᠴᠠᠭ ᠤᠤᠭᠤᠪᠠᠯ ᠬᠠᠮᠤᠭ ᠤᠨ ᠰᠠᠶᠢᠨ ᠪᠠᠶᠢᠳᠠᠭ᠂ | ᠬᠥᠢᠳᠡᠨ ᠢ ᠬᠥᠭᠡᠭᠡᠬᠦ ᠪᠤᠯᠬᠤᠷ ᠲᠠᠭᠰᠢᠭᠤᠷ ᠢ ᠰᠡᠷᠭᠡᠶᠢᠯᠡᠨ ᠵᠠᠰᠠᠬᠤ ᠳᠤ ᠮᠠᠰᠢ ᠰᠠᠶᠢᠨ ᠦᠢᠯᠡᠳᠤᠯ ᠲᠠᠢ | ᠪᠠᠶᠢᠳᠠᠭ᠃ | ᠭᠠ ᠲᠠᠢ ᠱᠦᠯᠤ ᠪᠤᠴᠠᠯᠭᠠᠬᠤ ᠳᠠᠭᠠᠨ ᠬᠠᠯᠢᠰᠤ ᠨᠢ ᠬᠠᠭᠠᠷᠠᠭᠰᠠᠨ ᠦᠭᠡᠢ᠂ ᠦᠩᠭᠡ ᠨᠢ ᠢᠯᠠᠳᠠᠢ᠂ | ᠵᠦᠭᠡᠯᠡᠪᠳᠤᠷ᠂ ᠲᠡᠯᠡᠭᠰᠡᠨ ᠪᠠᠶᠢᠳᠠᠯ ᠲᠠᠢ ᠰᠤᠷᠭᠤᠭ ᠭᠠ ᠶᠢ ᠰᠤᠩᠭᠤᠬᠤ ᠬᠡᠷᠡᠭᠳᠠᠢ᠂ ᠠᠷᠵᠠᠶᠢᠵᠤ ᠪᠤᠶᠢᠷᠵᠠᠶᠢᠬᠰᠠᠨ᠂ | ᠬᠠᠳᠠᠵᠤ ᠬᠠᠷᠠᠯᠠᠭᠰᠠᠨ ᠲᠦᠬᠦᠭᠡᠢ ᠭᠠ ᠶᠢ ᠰᠤᠩᠭᠤᠵᠤ ᠪᠤᠯᠬᠤ ᠦᠭᠡᠢ᠃ ᠲᠦᠬᠦᠭᠡᠢ ᠭᠠ ᠶᠢᠨ ᠬᠠᠯᠢᠰᠤᠨ ᠳᠤ | ᠨᠡᠯᠢᠶᠡᠳ ᠤᠯᠠᠨ ᠰᠢᠮ᠎ᠡ ᠲᠡᠵᠢᠭᠡᠯ ᠤᠨ ᠪᠦᠷᠢᠯᠳᠤᠬᠦᠨ ᠠᠭᠤᠯᠤᠭᠳᠠᠵᠤ ᠪᠠᠶᠢᠭ᠎ᠠ ᠪᠤᠯᠬᠤᠷ ᠰᠢᠮ᠎ᠠ ᠲᠡᠵᠢᠭᠡᠯ ᠤᠨ | ᠭᠡᠭᠡᠭᠳᠡᠬᠦ ᠠᠴᠠ ᠰᠡᠷᠭᠡᠶᠢᠯᠡᠬᠦ ᠶᠢᠨ ᠲᠤᠰᠠᠳᠠ ᠱᠦᠯᠤ ᠪᠤᠴᠠᠯᠭᠠᠬᠤ ᠳᠠᠭᠠᠨ ᠪᠠᠭ᠎ᠠ ᠬᠠᠯᠢᠰᠤᠯᠠᠬᠤ ᠪᠤᠶᠤ ᠬᠠᠯᠢᠰᠤᠯᠠᠬᠤ | ᠦᠭᠡᠢ ᠪᠠᠶᠢᠪᠠᠯ ᠵᠤᠬᠢᠨ᠎ᠠ᠃ ᠬᠠᠮᠤᠭ ᠰᠡᠬᠦᠯ ᠳᠤ ᠰᠠᠨᠠᠭᠤᠯᠬᠤ ᠴᠢᠬᠤᠯᠠᠳᠠᠢ ᠵᠦᠢᠯ ᠭᠡᠪᠡᠯ᠂ ᠲᠦᠬᠦᠭᠡᠢ ᠭᠠ ᠨᠢ | ᠭᠤᠱᠤᠭᠤᠨ ᠪᠦᠭᠡᠳ ᠪᠦᠯᠢᠶᠡᠨ ᠴᠢᠨᠠᠷ ᠲᠠᠢ ᠪᠤᠯᠬᠤᠷ ᠪᠢᠯᠢᠭ ᠰᠤᠯᠠ ᠠᠷᠭ᠎ᠠ ᠴᠢᠩᠭ᠎ᠠ ᠪᠠ ᠨᠢᠳᠤ ᠤᠯᠠᠶᠢᠵᠤ | ᠲᠤᠳᠤᠷ ᠬᠠᠯᠠᠭᠤᠨ ᠲᠤᠰᠤᠭᠰᠠᠨ ᠬᠥᠮᠤᠨ ᠤᠷᠳᠤ ᠬᠤᠭᠤᠴᠠᠭ᠎ᠠ ᠪᠠᠷ ᠲᠦᠬᠦᠭᠡᠢ ᠭᠠ ᠢᠳᠡᠬᠦ ᠨᠢ ᠲᠤᠬᠢᠷᠠᠮᠵᠢ | ᠦᠭᠡᠢ ᠶᠤᠮ᠃ | | | | | | | | | | | |