ᠡᠳᠡᠭᠡᠷ ᠪᠡᠯᠴᠢᠷ ᠢ ᠦᠷᠬᠦᠯᠵᠢ ᠲᠠᠷᠤᠪᠠᠯ ᠴᠢᠰᠤᠨ ᠲᠠᠷᠤᠯᠳᠠ ᠲᠡᠭᠡᠭᠰᠢᠯᠡᠬᠦ ᠶᠢ ᠪᠦᠳᠤᠮᠵᠢᠳᠠᠢ ᠬᠢᠵᠠᠭᠠᠷᠯᠠᠵᠤ ᠂ ᠪᠦᠭᠡᠷ᠎ᠡ ᠶᠢ ᠲᠡᠮᠢᠷᠵᠢᠭᠤᠯᠤᠨ ᠵᠢᠷᠤᠭᠡᠨ ᠴᠤᠬᠢᠯᠳᠠ ᠶᠢ ᠰᠠᠶᠢᠵᠢᠷᠠᠭᠤᠯᠵᠤ ᠪᠤᠯᠤᠨ᠎ᠠ
ᠨᠡᠶᠢᠲᠡᠯᠡᠭᠰᠡᠨ ᠴᠠᠭ᠄
2018-07-31
     ᠴᠢᠰᠤᠨ ᠲᠠᠷᠤᠯᠳᠠ ᠦᠨᠳᠤᠷ ᠡᠪᠡᠳᠴᠢᠨ᠄ ᠤᠷᠤᠢ ᠶᠢᠨ ᠪᠡᠯᠴᠢᠷ ᠪᠤᠯᠤᠨ ᠨᠠᠮ ᠬᠥᠮ ᠪᠡᠯᠴᠢᠷ                ᠪᠡᠯᠴᠢᠷ ᠰᠤᠩᠭᠤᠬᠤ᠄ 1. ᠤᠷᠤᠢ ᠶᠢᠨ ᠪᠡᠯᠴᠢᠷ ᠨᠢ ᠲᠤᠯᠤᠭᠠᠢ ᠶᠢᠨ ᠤᠷᠤᠢ ᠶᠢᠨ ᠭᠤᠤᠯ ᠲᠤᠮᠳᠠ ᠱᠤᠭᠤᠮ ᠪᠠ ᠬᠤᠶᠠᠷ ᠴᠢᠬᠢᠨ ᠤ ᠤᠮᠤᠭ ᠤᠨ ᠬᠤᠯᠪᠤᠬᠴᠢ ᠱᠤᠭᠤᠮ ᠤᠨ ᠠᠭᠤᠯᠵᠠᠷ ᠲᠤ ᠪᠤᠢ᠂ ᠡᠬᠦᠨ ᠳᠤ ᠬᠤᠶᠠᠷ ᠴᠢᠬᠢ ᠎ ᠲᠠᠢ ᠡᠭᠴᠡᠯᠡᠬᠦ ᠲᠡᠭᠡᠳᠤ ᠬᠤᠯᠪᠤᠭᠴᠢ ᠱᠤᠭᠤᠮ ᠤᠨ ᠲᠤᠮᠳᠠ ᠴᠡᠭ ᠢᠶᠠᠷ ᠲᠡᠮᠵᠢᠨ ᠪᠡᠯᠴᠢᠷ ᠢ ᠠᠮᠠᠷᠬᠠᠨ ᠤᠯᠵᠤ ᠪᠤᠯᠤᠨ᠎ᠠ᠃ 2. ᠨᠠᠮ ᠬᠥᠮ ᠪᠡᠯᠴᠢᠷ ᠨᠢ ᠦᠯᠮᠡᠢ ᠶᠢᠨ ᠬᠠᠪᠢ ᠶᠢᠨ ᠨᠢᠭᠡᠳᠤᠭᠡᠷ᠂ ᠬᠤᠶᠠᠳᠤᠭᠠᠷ ᠦᠯᠮᠡᠢ ᠶᠠᠰᠤ ᠶᠢᠨ ᠠᠭᠤᠯᠵᠠᠷ ᠬᠡᠰᠡᠭ ᠤᠨ ᠡᠮᠤᠨ᠎ᠠ ᠲᠠᠯ᠎ᠠ ᠶᠢᠨ ᠬᠤᠳᠤᠶᠢᠵᠤ ᠤᠷᠤᠬᠰᠠᠨ ᠬᠡᠰᠡᠭ ᠲᠤ ᠪᠤᠢ᠃ ᠡᠷᠡᠭᠡᠢ ᠬᠤᠷᠤᠭᠤ᠂ ᠲᠤᠯᠤᠪᠤᠷ ᠬᠤᠷᠤᠭᠤ ᠶᠢᠨ ᠵᠠᠪᠰᠡᠷ ᠠᠴᠠ ᠦᠯᠮᠡᠢ  ᠵᠢᠨ‌‍ᠴᠢᠭᠯᠡᠯ ᠲᠡᠰᠢ ᠬᠤᠶᠠᠷ ᠬᠤᠷᠤᠭᠤ ᠵᠤᠵᠠᠭᠠᠨ ᠵᠠᠢ ᠲᠠᠢ ᠭᠠᠵᠠᠷ ᠪᠤᠯ ᠨᠠᠮ ᠬᠥᠮ ᠪᠡᠯᠴᠢᠷ ᠪᠤᠯᠤᠨ᠎ᠠ᠃        ᠢᠯᠢᠬᠦ ᠠᠷᠭ᠎ᠠ᠄ ᠤᠷᠢᠳ ᠢᠶᠠᠷ ᠬᠥᠩᠭᠡᠨ ᠢᠯᠢᠵᠤ ᠲᠠᠷᠠᠭ᠎ᠠ ᠨᠢ ᠬᠥᠴᠤᠳᠠᠢ ᠢᠯᠢᠨ᠎ᠡ᠂ ᠢᠩᠬᠢᠵᠤ ᠠᠯᠬᠤᠮ ᠲᠠᠷᠠᠭ᠎ᠠ‌‍ᠲ᠋ᠠᠢ ᠪᠠᠷ ᠢᠯᠢᠵᠤ ᠪᠠᠶᠢᠭᠠᠳ ᠬᠡᠰᠡᠭ ᠭᠠᠵᠠᠷ ᠲᠤ ᠱᠠᠷᠬᠢᠷᠠᠬᠤ᠂ ᠮᠢᠨᠴᠤᠬᠦᠷᠡᠬᠦ᠂ ᠴᠢᠨᠤᠷᠡᠬᠦ᠂ ᠡᠪᠡᠳᠬᠦ ᠪᠤᠶᠤ ᠬᠠᠯᠠᠬᠤ ᠪᠠᠶᠢᠳᠠᠯ ᠭᠠᠷᠪᠠᠯ ᠪᠤᠯᠴᠢᠬᠠᠨ᠎ᠠ᠃ ᠪᠡᠯᠴᠢᠷ ᠪᠦᠷᠢ ᠶᠢ ᠤᠳᠠᠭ᠎ᠠ ᠪᠦᠷᠢ 5 ᠮᠢᠨᠦ᠋ᠲ ᠢᠯᠢᠵᠤ᠂ ᠡᠳᠤᠷ ᠪᠦᠷᠢ ᠦᠷᠯᠤᠭᠡ ᠨᠢᠭᠡ ᠤᠳᠠᠭ᠎ᠠ ᠤᠷᠤᠢ ᠨᠢᠭᠡ ᠤᠳᠠᠭ᠎ᠠ ᠢᠯᠢᠨ᠎ᠡ᠃                ᠵᠢᠷᠤᠭᠡ ᠪᠠᠵᠠᠯᠠᠵᠤ ᠡᠪᠡᠳᠬᠦ᠄ ᠨᠸᠢ ᠭᠤᠸᠠᠨ᠂ ᠱᠧᠨ ᠮᠧᠨ᠂ ᠲᠠᠨ ᠵᠦᠩ ᠪᠡᠯᠴᠢᠷ                ᠪᠡᠯᠴᠢᠷ ᠰᠤᠩᠭᠤᠬᠤ᠄1. ᠨᠸᠢ ᠭᠤᠸᠠᠨ ᠪᠡᠯᠴᠢᠷ ᠨᠢ ᠪᠠᠭᠤᠤ ᠶᠢᠨ ᠬᠥᠨᠳᠡᠯᠡᠨ ᠰᠤᠳᠡᠰᠤ ᠠᠴᠠ 2 ᠢᠮᠠᠬᠤ ᠲᠡᠭᠡᠭᠰᠢ᠂ ᠠᠯᠠᠭᠠᠨ ᠤ ᠤᠷᠳᠤ ᠪᠤᠯᠴᠢᠩ ᠬᠢᠭᠡᠳ ᠱᠤ᠋ ᠲᠠᠯ᠎ᠠ ᠶᠢᠨ ᠪᠠᠭᠤᠤ ᠮᠤᠷᠤᠶᠢᠯᠭᠠᠬᠤ ᠪᠤᠯᠴᠢᠩ ᠤᠨ ᠵᠠᠪᠰᠡᠷ ᠲᠤ ᠪᠤᠢ᠃ ᠡᠨᠡ ᠬᠦ ᠪᠡᠯᠴᠢᠷ ᠢ ᠡᠷᠢᠬᠦ ᠳᠤ ᠪᠢᠳᠡ ᠤᠷᠢᠳ ᠢᠶᠠᠷ ᠵᠡᠬᠦᠨ ᠨᠢᠳᠤᠷᠭ᠎ᠠ  ᠎ ᠪᠠᠨ ᠴᠢᠩᠭ᠎ᠠ ᠵᠠᠩᠬᠢᠳᠤᠨ᠂ ᠪᠠᠷᠠᠭᠤᠨ ᠭᠠᠷ ᠤᠨ ᠲᠤᠯᠤᠪᠤᠷ ᠬᠤᠷᠤᠭᠤ᠂ ᠲᠤᠮᠳᠠ ᠬᠤᠷᠤᠭᠤ᠂ ᠢᠳᠡᠮ ᠬᠤᠷᠤᠭᠤ ᠪᠠᠨ ᠨᠡᠶᠢᠯᠡᠬᠦᠯᠵᠤ᠂ ᠢᠳᠡᠮ ᠬᠤᠷᠤᠭᠤ ᠪᠠᠨ ᠵᠡᠬᠦᠨ ᠭᠠᠷ ᠤᠨ ᠪᠠᠭᠤᠤ ᠶᠢᠨ ᠬᠥᠨᠳᠡᠯᠡᠨ ᠰᠤᠳᠡᠰᠤᠨ ᠳᠤ ᠲᠠᠯᠪᠢᠵᠤ᠂ ᠪᠠᠷᠠᠭᠤᠨ ᠭᠠᠷ ᠤᠨ ᠲᠤᠯᠤᠪᠤᠷ ᠬᠤᠷᠤᠭᠤ ᠪᠤᠯᠤᠨ ᠵᠡᠬᠦᠨ ᠭᠠᠷ ᠤᠨ ᠪᠠᠭᠤᠤ ᠶᠢᠨ ᠬᠥᠳᠤᠶᠢᠵᠤ ᠭᠠᠷᠤᠭᠰᠠᠨ ᠬᠤᠶᠠᠷ ᠰᠢᠷᠪᠤᠰᠤ ᠶᠢᠨ ᠰᠤᠯᠪᠢᠴᠠᠯ ᠴᠡᠭ ᠪᠤᠯ ᠨᠸᠢ ᠭᠤᠸᠠᠨ ᠪᠡᠯᠴᠢᠷ ᠪᠤᠯᠤᠨ᠎ᠠ᠃  2.ᠱᠧᠨ ᠮᠧᠨ ᠪᠡᠯᠴᠢᠷ ᠨᠢ ᠪᠠᠭᠤᠤ ᠶᠢᠨ ᠬᠡᠰᠡᠭ᠂ ᠪᠠᠭᠤᠤ ᠠᠯᠠᠭᠠᠨ ᠤ ᠬᠥᠨᠳᠡᠯᠡᠨ ᠰᠤᠳᠡᠰᠤ ᠶᠢᠨ ᠲᠤᠬᠤᠢ ᠲᠠᠯ᠎ᠠ ᠶᠢᠨ ᠦᠵᠤᠬᠦᠷ᠂ ᠲᠤᠬᠤᠢ ᠲᠠᠯ᠎ᠠ ᠶᠢᠨ ᠪᠠᠭᠤᠤ ᠶᠢᠨ ᠪᠤᠯᠴᠢᠩ ᠤᠨ ᠱᠤ᠋ ᠲᠠᠯ᠎ᠠ ᠶᠢᠨ ᠬᠤᠳᠤᠶᠢᠬᠰᠠᠨ ᠭᠠᠵᠠᠷ ᠲᠤ ᠪᠤᠢ᠃ 3. ᠲᠠᠨ ᠵᠦᠩ ᠪᠠᠯᠴᠢᠷ᠄ ᠪᠡᠶ᠎ᠡ ᠶᠢᠨ ᠡᠮᠤᠨᠡᠬᠢ ᠭᠤᠤᠯ ᠲᠤᠮᠳᠠ ᠱᠤᠭᠤᠮ᠂ ᠬᠤᠶᠠᠷ ᠬᠥᠬᠦᠨ ᠲᠤᠪᠴᠢ ᠶᠢᠨ ᠬᠤᠯᠪᠤᠬᠴᠢ ᠱᠤᠭᠤᠮ ᠤᠨ ᠲᠤᠮᠳᠠ ᠴᠡᠭ ᠲᠤ ᠪᠤᠢ᠃        ᠢᠯᠢᠬᠦ ᠠᠷᠭ᠎ᠠ᠄ ᠡᠷᠡᠭᠡᠢ ᠬᠤᠷᠤᠭᠤ ᠪᠤᠶᠤ ᠲᠤᠯᠤᠪᠤᠷ ᠬᠤᠷᠤᠭᠤ ᠶᠢᠨ ᠦᠵᠤᠬᠦᠷ ︵ᠬᠢᠮᠤᠰᠤ ᠪᠠᠷ ᠢᠶᠠᠨ ᠠᠷᠠᠰᠤ ᠶᠢ ᠬᠥᠴᠤᠳᠠᠢ ᠴᠢᠮᠬᠢᠵᠤ ᠲᠠᠷᠤᠬᠤ ᠠᠴᠠ ᠵᠠᠶᠢᠯᠠᠰᠬᠢᠬᠦ ᠬᠡᠷᠡᠭᠳᠠᠢ︶᠎ ᠢ ᠪᠡᠯᠴᠢᠷ ᠲᠤ ᠲᠠᠯᠪᠢᠵᠤ᠂ ᠤᠷᠢᠳ ᠢᠶᠠᠷ ᠨᠤᠬᠤᠯᠠᠵᠤ ᠲᠠᠷᠠᠭ᠎ᠠ ᠨᠢ ᠲᠠᠷᠤᠨ᠎ᠠ᠂ ᠲᠤᠷᠤᠬᠰᠢ ᠲᠠᠷᠤᠬᠤ ᠪᠠᠷ ᠭᠤᠤᠯᠯᠠᠭᠤᠯᠤᠨ᠂ ᠨᠠᠰᠢ ᠴᠠᠰᠢ ᠰᠤᠯᠪᠢᠴᠠᠵᠤ ᠲᠠᠷᠤᠨ᠎ᠠ᠃ ᠤᠷᠢᠳ ᠢᠶᠠᠷ ᠬᠥᠩᠭᠡᠨ ᠢᠯᠢᠵᠤ ᠲᠠᠷᠠᠭ᠎ᠠ ᠨᠢ ᠬᠥᠴᠤᠳᠠᠢ ᠢᠯᠢᠵᠤ ᠪᠠᠶᠢᠭᠠᠳ ᠪᠡᠯᠴᠢᠷ ᠨᠢ ᠱᠠᠷᠬᠢᠷᠠᠬᠤ᠂ ᠮᠢᠨᠴᠤᠬᠦᠷᠡᠬᠦ᠂  ᠴᠢᠨᠤᠷᠡᠬᠦ᠂ ᠡᠪᠡᠳᠬᠦ ᠪᠤᠶᠤ ᠬᠠᠯᠠᠬᠤ ᠪᠠᠶᠢᠳᠠᠯ ᠭᠠᠷᠪᠠᠯ ᠪᠤᠯᠴᠢᠬᠠᠨ᠎ᠠ᠃ ᠡᠳᠤᠷ ᠪᠦᠷᠢ ᠶᠢᠨ ᠦᠳᠡ ᠎ ᠶᠢᠨ ᠡᠮᠤᠨ᠎ᠠ ᠪᠠ ᠦᠳᠡ ᠶᠢᠨ ᠬᠤᠶᠢᠨ᠎ᠠ ᠲᠤᠰ ᠲᠤᠰ ᠨᠢᠭᠡ ᠤᠳᠠᠭ᠎ᠠ ᠢᠯᠢᠵᠤ᠂ ᠪᠡᠯᠴᠢᠷ ᠪᠦᠷᠢ ᠶᠢ 2~3 ᠮᠢᠨᠦ᠋ᠲ ᠢᠯᠢᠪᠡᠯ ᠪᠤᠯᠴᠢᠬᠠᠨ᠎ᠠ᠃ ᠵᠢᠷᠤᠭᠡᠨ ᠲᠢᠳᠢᠮ ᠤᠨ ᠡᠪᠡᠳᠴᠢᠳᠠᠨ ᠤ ᠡᠳᠤᠷ ᠲᠤᠳᠤᠮ ᠤᠨ ᠡᠷᠡᠬᠦᠯᠵᠢᠯ ᠪᠤᠶᠤ ᠵᠢᠷᠤᠭᠡ ᠪᠡᠵᠠᠯᠠᠵᠤ ᠡᠪᠡᠳᠬᠦ ᠦᠶ᠎ᠠ ᠳᠤ ᠲᠤᠰ ᠠᠷᠭ᠎ᠠ ᠶᠢ ᠭᠡᠷᠡᠭᠯᠡᠵᠤ ᠪᠤᠯᠤᠨ᠎ᠠ᠃ ᠬᠡᠪᠡᠴᠤ᠂ ᠵᠢᠷᠤᠭᠡ ᠪᠡᠵᠡᠯᠡᠵᠤ ᠡᠪᠡᠳᠬᠦ ᠦᠶ᠎ᠡ ᠳᠤ ᠴᠡᠭᠡᠵᠢ ᠶᠡᠭᠡ ᠪᠠᠷ ᠡᠪᠡᠳᠤᠭᠡᠳ 5 ᠮᠢᠨᠦ᠋ᠲ ᠬᠡᠳᠤᠷᠡᠪᠡᠯ ᠲᠠᠷᠤᠢ ᠲᠦᠷᠭᠡᠨ ᠠᠽᠤᠲ ᠬᠥᠴᠢᠯ ᠎ ᠤᠨ ᠭᠯᠢᠼᠧᠷᠢᠨ᠂ ᠲᠦᠷᠭᠡᠨ ᠦᠢᠯᠡᠳᠤᠯ ᠲᠠᠢ ᠵᠢᠷᠤᠭᠡᠨ ᠤ ᠡᠮ ᠵᠡᠷᠭᠡ  ᠪᠠᠴᠢᠮ ᠠᠪᠤᠷᠠᠬᠤ ᠡᠮ ᠤᠤᠭᠤᠪᠠᠯ ᠵᠤᠬᠢᠨ᠎ᠠ᠂ ᠬᠡᠷᠪᠡ ᠴᠡᠭᠡᠵᠢ ᠡᠪᠡᠳᠤᠭᠡᠳ ᠨᠠᠮᠳᠠᠬᠤ ᠦᠭᠡᠢ ᠪᠠᠶᠢᠪᠠᠯ ᠲᠡᠷᠡ ᠲᠤᠤᠷ᠎ᠡ ᠨᠢ ᠡᠮᠨᠡᠬᠦᠯᠬᠦ ᠬᠡᠷᠡᠭᠳᠠᠢ᠃                 ᠵᠢᠷᠤᠭᠡᠨ ᠴᠤᠬᠢᠯᠳᠠ ᠭᠡᠪ ᠢᠶᠠᠨ ᠠᠯᠳᠠᠬᠤ᠄ ᠱᠧᠨ ᠮᠧᠨ᠂ ᠴᠢᠶᠧ ᠮᠧᠨ᠂ ᠨᠸᠢ ᠭᠤᠸᠠᠨ ᠪᠡᠯᠴᠢᠷ           ᠪᠡᠯᠴᠢᠷ ᠰᠤᠩᠭᠤᠬᠤ᠄ ᠴᠢᠶᠧ ᠮᠧᠨ ᠪᠡᠯᠴᠢᠷ ᠨᠢ ᠪᠠᠭᠤᠤ ᠶᠢᠨ ᠬᠥᠨᠳᠡᠯᠡᠨ ᠰᠢᠷᠪᠤᠰᠤ ᠠᠴᠠ 5 ᠢᠮᠠᠬᠤ᠂ ᠠᠯᠠᠭᠠᠨ ᠤ ᠤᠷᠳᠤ ᠪᠤᠯᠴᠢᠩ ᠬᠢᠭᠡᠳ ᠱᠤ᠋ ᠲᠠᠯ᠎ᠠ ᠶᠢᠨ ᠪᠠᠭᠤᠤ ᠮᠤᠷᠤᠶᠢᠯᠭᠠᠬᠤ ᠪᠤᠯᠴᠢᠩ ᠤᠨ ᠵᠠᠪᠰᠡᠷ ᠲᠤ ᠪᠤᠢ᠃ ᠶᠡᠭᠡ ᠲᠦᠯᠤᠪ ᠪᠠᠭᠤᠤ ᠶᠢᠨ ᠬᠥᠨᠳᠡᠯᠡᠨ ᠰᠢᠷᠪᠤᠰᠤ ᠪᠤᠯᠤᠨ ᠲᠤᠬᠤᠢ ᠶᠢᠨ ᠬᠥᠨᠳᠡᠯᠡᠨ ᠰᠢᠷᠪᠤᠰᠤ ᠶᠢᠨ ᠲᠤᠮᠳᠠ ᠴᠡᠭ᠂ ᠬᠤᠶᠠᠷ ᠰᠢᠷᠪᠤᠰᠤ ᠶᠢᠨ ᠲᠤᠮᠳᠠ ᠪᠤᠢ᠂ ᠱᠧᠨ ᠮᠧᠨ᠂ ᠨᠸᠢ ᠭᠤᠸᠠᠨ ᠪᠠᠯᠴᠢᠷ ᠤᠨ ᠪᠠᠶᠢᠷᠢ ᠨᠢ ᠲᠡᠭᠡᠷ᠎ᠡ ᠦᠬᠦᠯᠡᠭᠰᠡᠨ ᠮᠡᠳᠤ᠃        ᠢᠯᠢᠬᠦ ᠠᠷᠭ᠎ᠠ᠄ ᠡᠷᠡᠭᠡᠢ ᠬᠤᠷᠤᠭᠤ ᠪᠤᠶᠤ ᠲᠤᠯᠤᠪᠤᠷ ᠬᠤᠷᠤᠭᠤ ᠶᠢᠨ ᠦᠵᠤᠬᠦᠷ ︵ᠬᠢᠮᠤᠰᠤ ᠪᠠᠷ ᠢᠶᠠᠨ ᠠᠷᠠᠰᠤ ᠎ ᠶᠢ ᠬᠥᠴᠤᠳᠠᠢ ᠴᠢᠮᠬᠢᠵᠤ ᠲᠠᠷᠤᠬᠤ ᠠᠴᠠ ᠵᠠᠶᠢᠯᠠᠰᠬᠢᠬᠦ ᠬᠡᠷᠡᠭᠳᠠᠢ︶᠎ ᠢ ᠪᠡᠯᠴᠢᠷ ᠲᠤ ᠲᠠᠯᠪᠢᠵᠤ᠂ ᠤᠷᠢᠳ ᠢᠶᠠᠷ ᠨᠤᠬᠤᠯᠠᠵᠤ ᠲᠠᠷᠠᠭ᠎ᠠ ᠨᠢ ᠲᠠᠷᠤᠨ᠎ᠠ᠂ ᠲᠤᠷᠤᠬᠰᠢ ᠲᠠᠷᠤᠬᠤ ᠪᠠᠷ ᠭᠤᠤᠯᠯᠠᠭᠤᠯᠤᠨ᠂ ᠨᠠᠰᠢ ᠴᠠᠰᠢ ᠰᠤᠯᠪᠢᠴᠠᠵᠤ ᠲᠠᠷᠤᠨ᠎ᠠ᠃ ᠤᠷᠢᠳ ᠢᠶᠠᠷ ᠬᠥᠩᠭᠡᠨ ᠢᠯᠢᠵᠤ ᠲᠠᠷᠠᠭ᠎ᠠ ᠨᠢ ᠬᠥᠴᠤᠳᠠᠢ ᠢᠯᠢᠵᠤ ᠪᠠᠶᠢᠭᠠᠳ ᠪᠡᠯᠴᠢᠷ ᠨᠢ ᠱᠠᠷᠬᠢᠷᠠᠬᠤ᠂ ᠮᠢᠨᠴᠤᠬᠦᠷᠡᠬᠦ᠂  ᠴᠢᠨᠤᠷᠡᠬᠦ᠂ ᠡᠪᠡᠳᠬᠦ ᠪᠤᠶᠤ ᠬᠠᠯᠠᠬᠤ ᠪᠠᠶᠢᠳᠠᠯ ᠭᠠᠷᠪᠠᠯ ᠪᠤᠯᠴᠢᠬᠠᠨ᠎ᠠ᠃ ᠡᠳᠤᠷ ᠪᠦᠷᠢ ᠶᠢᠨ ᠦᠳᠡ ᠎ ᠶᠢᠨ ᠡᠮᠤᠨ᠎ᠠ ᠪᠠ ᠦᠳᠡ ᠶᠢᠨ ᠬᠤᠶᠢᠨ᠎ᠠ ᠲᠤᠰ ᠲᠤᠰ ᠨᠢᠭᠡ ᠤᠳᠠᠭ᠎ᠠ ᠢᠯᠢᠵᠤ᠂ ᠪᠡᠯᠴᠢᠷ ᠪᠦᠷᠢ ᠶᠢ 2~3 ᠮᠢᠨᠦ᠋ᠲ ᠢᠯᠢᠪᠡᠯ ᠪᠤᠯᠴᠢᠬᠠᠨ᠎ᠠ᠃ ᠴᠢᠶᠧ ᠮᠧᠨ ᠪᠡᠯᠴᠢᠷ ᠨᠢ ᠨᠡᠯᠢᠶᠡᠳ ᠬᠥᠨ ᠪᠠᠶᠢᠳᠠᠭ ᠪᠤᠯᠬᠤᠷ ᠵᠢᠭᠠᠬᠠᠨ ᠬᠥᠴᠤᠳᠠᠢ ᠰᠢᠭ ᠲᠠᠷᠤᠬᠤ ᠶᠢᠨ ᠬᠠᠮᠳᠤ ᠲᠠᠷᠤᠬᠤ ᠴᠠᠭ ᠢ ᠨᠢ ᠤᠷᠳᠤᠳᠬᠠᠭᠠᠳ ᠤᠳᠠᠭ᠎ᠠ ᠪᠦᠷᠢ 5 ᠮᠢᠨᠦ᠋ᠲ ᠪᠤᠯᠭᠠᠵᠤ ᠪᠤᠯᠤᠨ᠎ᠠ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号