ᠲᠠᠮᠠᠬᠢ ᠠᠴᠠ ᠪᠠᠨ ᠭᠠᠷᠤᠭᠠᠳ 5 ᠵᠢᠯ ᠢᠯᠡᠭᠦᠦ ᠪᠤᠯᠪᠠᠯ᠂ ᠠᠭᠤᠰᠬᠢᠨ ᠦᠮᠠᠨ ᠣᠯᠬᠤ ᠠᠶᠣᠯ 39 % ᠪᠠᠭᠤᠷᠠᠨ᠎ᠠ
ᠨᠡᠶᠢᠲᠡᠯᠡᠭᠰᠡᠨ ᠴᠠᠭ᠄
2018-07-02
     ᠠᠭᠤᠰᠬᠢᠨ ᠦᠮᠠᠨ ᠪᠣᠯᠣᠨ ᠲᠠᠮᠠᠬᠢ ᠲᠠᠲᠠᠬᠤ ᠯᠤᠭ᠎ᠠ ᠮᠠᠰᠢ ᠶᠡᠭᠡ ᠬᠠᠷᠢᠴᠠᠭ᠎ᠠ ᠲᠠᠢ᠂ ᠲᠠᠮᠠᠬᠢᠨ ᠠᠴᠠ ᠭᠠᠷᠬᠤ ᠨᠢ ᠬᠢᠷᠢ ᠵᠡᠷᠭᠡ ᠬᠡᠮᠵᠢᠶᠡᠨ ᠳᠤ ᠠᠭᠤᠰᠬᠢᠨ ᠦᠮᠠᠨ ᠢ ᠣᠷᠢᠳᠴᠢᠯᠠᠨ ᠰᠡᠷᠭᠡᠶᠢᠯᠡᠬᠦ ᠳᠤ ᠲᠣᠰᠠ ᠲᠠᠢ ᠪᠣᠢ︖ ᠣᠶᠢᠷ᠎ᠠ  ᠎ ᠶᠢᠨ ᠡᠳᠦᠷ᠂ ᠠᠮᠧᠷᠢᠺᠡ ᠶᠢᠨ ᠦᠮᠠᠨ ᠤ ᠰᠣᠳᠣᠯᠭᠠᠨ ᠤ ᠭᠠᠵᠠᠷ ᠤᠨ ᠨᠡᠶᠢᠲᠡᠯᠡᠭᠰᠡᠨ ᠨᠢᠭᠡ ᠵᠦᠢᠯ ᠤᠨ ᠰᠣᠳᠣᠯᠭᠠᠨ ᠤ ᠮᠡᠳᠡᠭᠦᠯᠦᠯᠲᠡ ᠳᠤ ᠲᠠᠮᠠᠬᠢᠨ ᠠᠴᠠ ᠨᠢ ᠭᠠᠷᠪᠠᠯ ᠠᠭᠤᠰᠬᠢᠨ ᠦᠮᠠᠨ ᠤ ᠠᠶᠣᠯ ᠢ ᠶᠡᠭᠡ ᠬᠡᠮᠵᠢᠶ᠎ᠡ ᠪᠠᠷ ᠪᠠᠭᠤᠷᠠᠭᠤᠯᠬᠤ ᠲᠤᠬᠠᠢ ᠰᠢᠨ᠎ᠡ ᠪᠠᠷᠢᠮᠲᠠ ᠶᠢ ᠬᠠᠩᠭᠠᠵᠠᠢ᠂ ᠲᠣᠰᠬᠠᠢ ᠮᠡᠷᠭᠡᠵᠢᠯᠲᠡᠨ ᠤ ᠬᠡᠯᠡᠬᠦ ᠪᠠᠷ᠂ ᠲᠠᠮᠠᠬᠢᠨ ᠠᠴᠠ ᠭᠠᠷᠤᠭᠠᠳ 5 ᠵᠢᠯ ᠪᠤᠯᠪᠠᠯ ᠠᠭᠤᠰᠬᠢᠨ ᠦᠮᠡᠨ ᠳᠤ ᠨᠡᠷᠪᠡᠭᠲᠡᠬᠦ ᠠᠶᠣᠯ ᠢ 39%᠎ ᠪᠠᠷ ᠪᠠᠭᠤᠷᠠᠭᠤᠯᠬᠤ ᠶᠤᠮ ᠭᠡᠨ᠎ᠡ      ᠠᠮᠧᠷᠢᠺᠡ ᠶᠢᠨ ᠠᠨᠠᠭᠠᠬᠤ ᠣᠬᠠᠭᠠᠨ ᠤ ᠳᠡᠭᠡᠳᠦ ᠰᠣᠷᠭᠠᠭᠤᠯᠢ ᠶᠢᠨ ᠫᠷᠦᠹᠧᠰᠰᠣᠷ ᠾᠢᠯᠯᠧᠷ᠂ ᠲᠠᠩᠳᠧᠷ ᠤᠨ ᠲᠠᠭᠠᠭᠤᠯᠤᠬᠰᠠᠨ ᠰᠣᠳᠣᠯᠭᠠᠨ ᠤ ᠪᠦᠯᠬᠦᠮ ᠤᠨ ᠬᠢᠨ ᠲᠣᠷᠰᠢᠯᠲᠠ ᠳᠤ ᠣᠷᠣᠯᠴᠠᠭᠰᠠᠨ 8907 ᠬᠥᠮᠦᠨ ᠳᠤ 34 ᠲᠦᠷᠪᠡᠨ ᠵᠢᠯ ᠤᠨ ᠮᠦᠷᠳᠡᠨ ᠪᠠᠶᠢᠴᠠᠭᠠᠯᠲᠠ ᠬᠢᠪᠡ᠃ ᠮᠦᠷᠳᠡᠨ ᠰᠣᠷᠪᠣᠯᠵᠢᠯᠠᠭ᠎ᠠ ᠶᠢᠨ ᠬᠤᠭᠤᠴᠠᠭᠠᠨ ᠳᠤ᠂ ᠨᠡᠶᠢᠲᠡ284 ᠬᠥᠮᠦᠨ‌ᠠᠭᠤᠰᠬᠢᠨ ᠦᠮᠠᠨ ᠳᠤ ᠨᠡᠷᠪᠡᠭᠳᠡᠵᠦ᠂ ᠡᠭᠦᠨ ᠳᠤ ᠲᠠᠮᠠᠬᠢ ᠬᠡᠴᠡᠬᠦᠦ ᠲᠠᠲᠠᠭᠰᠠᠳ ᠤᠨ ᠬᠠᠷᠢᠴᠠᠯ 93%᠎ ᠶᠢ ᠡᠵᠡᠯᠡᠨ᠎ᠡ᠃ ᠲᠤᠭ᠎ᠠ ᠪᠠᠷᠢᠮᠲᠠ ᠶᠢᠨ ᠵᠠᠳᠠᠯᠣᠯᠲᠠ ᠶᠢᠨ ᠦᠷ᠎ᠡ ᠳ᠋ᠥᠩ ᠳᠤ ᠢᠯᠡᠷᠡᠭᠰᠡᠨ ᠢᠶᠠᠷ᠂ ᠲᠠᠮᠠᠬᠢ ᠬᠡᠴᠡᠬᠦᠦ ᠲᠠᠲᠠᠭᠰᠠᠳ ᠲᠠᠮᠠᠬᠢ ᠡᠴᠡ‌‍ᠪᠠᠨ ᠭᠠᠷᠤᠭᠠᠳ 5 ᠵᠢᠯ ᠤᠨ ᠳᠠᠷᠠᠭ᠎ᠠ᠂ ᠦᠷᠭᠦᠯᠵᠢᠯᠡᠨ ᠲᠠᠮᠠᠬᠢ ᠲᠠᠲᠠᠬᠰᠠᠳ ᠯᠤᠭ᠎ᠠ ᠬᠠᠷᠢᠴᠠᠭᠤᠯᠪᠠᠯ ᠠᠭᠤᠰᠬᠢᠨ ᠦᠮᠠᠨ ‍ᠣ‌ᠠᠶᠣᠯ ᠢ 39%᠎ ᠪᠠᠷ ᠪᠠᠭᠤᠷᠠᠵᠠᠢ︔ ᠲᠠᠮᠠᠬᠢ ᠵᠣᠭᠰᠣᠭᠰᠠᠨ ᠬᠤᠭᠤᠴᠠᠭ᠎ᠠ ᠶᠢᠨ ᠣᠷᠳᠣᠰᠬᠠᠬᠤ ᠶᠢ ᠳᠠᠭᠠᠯᠳᠣᠨ ᠲᠣᠰ ᠠᠶᠣᠯ ᠦᠷᠭᠦᠯᠵᠢᠯᠡᠨ ᠪᠠᠭᠤᠷᠠᠨ᠎ᠠ᠃      ᠲᠣᠰᠬᠠᠢ ᠮᠡᠷᠭᠡᠵᠢᠯᠲᠡᠨ ᠡᠳᠡᠭᠡᠷ ᠬᠠᠮᠤᠭ ᠤᠨ ᠰᠢᠨ᠎ᠡ ᠲᠤᠭ᠎ᠠ ᠪᠠᠷᠢᠮᠳᠠ ᠶᠢ ᠦᠨᠳᠦᠰᠦᠯᠡᠵᠦ ᠪᠠᠶᠢᠭᠠᠳ ᠲᠣᠣᠷᠠᠬᠢ ᠵᠠᠩᠭᠢᠯᠭ᠎ᠠ ᠶᠢᠨ ᠮᠡᠳᠡᠭᠡ ᠵᠠᠩᠭᠢ ᠶᠢ ᠵᠢᠭᠠᠨ ᠭᠠᠷᠭᠠᠪᠠ᠄1. ᠲᠠᠮᠠᠬᠢ ᠠᠴᠠ ᠭᠠᠷᠬᠤ ᠨᠢ ᠰᠢᠨ᠎ᠡ ᠬᠦᠳᠡᠯᠬᠡᠬᠦ ᠬᠦᠴᠦᠨ ᠲᠠᠢ ᠪᠣᠯᠵᠠᠢ᠃ ᠲᠠᠮᠠᠬᠢ ᠲᠠᠲᠠᠵᠤ ᠪᠠᠶᠢᠬᠰᠠᠨ ᠬᠦᠮᠦᠰ ᠲᠠᠮᠠᠬᠢᠨ ᠠᠴᠠ ᠪᠠᠨ ᠭᠠᠷᠤᠬᠰᠠᠨ ᠬᠤᠶᠢᠨ᠎ᠠ ᠠᠭᠤᠰᠬᠢᠨ ᠦᠮᠠᠨ ᠤ ᠠᠶᠣᠯ‌ᠣᠨᠴᠠ ᠲᠦᠷᠭᠡᠨ ᠪᠠᠭᠤᠷᠠᠬᠤ ᠪᠣᠳᠠᠲᠣ ᠬᠡᠷᠡᠭ ᠨᠢ ᠲᠠᠮᠠᠬᠢ ᠵᠣᠭᠰᠣᠬᠤ ᠳᠤ ᠬᠦᠳᠡᠯᠬᠡᠬᠦ ᠬᠦᠴᠦᠨ ᠬᠠᠩᠭᠠᠪᠠ᠃ 2. ᠲᠠᠮᠠᠬᠢᠨ ᠡᠴᠡ‌ᠬᠤᠷᠲᠤᠨ ᠭᠠᠷ᠃ ᠬᠡᠷᠪᠡ ᠲᠠ ᠪᠠᠰᠠ ᠲᠠᠮᠠᠬᠢ ᠲᠠᠲᠠᠵᠣ ᠪᠠᠶᠢᠪᠠᠯ᠂ ᠲᠠᠮᠠᠬᠢᠨ ᠠᠴᠠ ᠪᠠᠨ ᠬᠤᠷᠲᠤᠨ ᠭᠠᠷ ᠡ᠃ ᠣᠴᠢᠷ ᠨᠢ‌‍ᠲ᠋ᠠᠮᠠᠬᠢ ᠵᠣᠭᠰᠣᠬᠤ ᠳᠤ ᠣᠷᠣᠶᠢᠲᠠᠬᠤ ᠣᠴᠢᠷ ᠦᠭᠡᠢ᠂ ᠠᠯᠭᠤᠷᠯᠠᠭᠠᠳ ᠪᠠᠶᠢᠪᠠᠯ ᠣᠯᠠᠮ ᠣᠷᠣᠶᠢᠲᠠᠨ᠎ᠠ᠃3. ᠠᠭᠤᠰᠬᠢᠨ‌ᠦᠮᠠᠨ ᠤ ᠲᠠᠯ᠎ᠠ ᠪᠠᠷ ᠡᠮᠨᠡᠯᠭᠡ ᠶᠢᠨ ᠰᠢᠨᠵᠢᠯᠡᠭᠡ ᠬᠢᠯᠭᠡᠬᠦ ᠶᠢ ᠴᠢᠬᠤᠯᠠᠴᠢᠯᠠᠵᠤ ᠦᠵᠡᠬᠡᠴᠢ᠃ ᠲᠠᠮᠠᠬᠢ ᠰᠦᠷᠬᠡᠢ ᠲᠠᠲᠠᠭᠰᠠᠳ‌‍ᠲ᠋ᠠᠮᠠᠬᠢ ᠠᠴᠠ ᠪᠠᠨ ᠭᠠᠷᠤᠬᠰᠠᠨ ᠤ ᠳᠠᠷᠠᠭ᠎ᠠ ᠴᠦ ᠠᠭᠤᠰᠬᠢᠨ ᠦᠮᠠᠨ ᠳᠤ ᠨᠡᠷᠪᠡᠭᠳᠡᠬᠦ ᠠᠶᠣᠯ ᠪᠠᠰᠠ ᠣᠯᠠᠨ ᠵᠢᠯ ᠦᠷᠭᠦᠯᠵᠢᠯᠡᠬᠦ᠋ᠢ ᠰᠡᠷᠭᠡᠭ ᠢᠶᠠᠷ ᠲᠠᠨᠢᠵᠣ ᠣᠯᠬᠤ ᠬᠡᠷᠡᠭᠲᠡᠢ᠃ ᠡᠶᠢᠮᠦ ᠠᠴᠠ᠂ ᠠᠭᠤᠰᠬᠢᠨ ᠦᠮᠠᠨ ᠤ ᠲᠠᠯ᠎ᠠ ᠪᠠᠷ ᠳᠣᠭᠲᠠᠭᠰᠠᠨ ᠬᠤᠭᠤᠴᠠᠭ᠎ᠠ‌‍ᠲ᠋ᠠᠢ ᠡᠮᠨᠡᠯᠭᠡ ᠶᠢᠨ ᠰᠢᠨᠵᠢᠯᠡᠭᠡ ᠬᠢᠯᠭᠡᠬᠦ ᠨᠢ ᠲᠤᠩ ᠬᠡᠷᠡᠭ ᠲᠤ ᠬᠦᠷᠦᠨ᠎ᠡ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号