ᠳ᠋ᠧᠩ ᠭᠢᠯᠠᠶᠢᠭᠠᠳ ᠪᠠᠶᠢᠪᠠᠯ ᠤᠨᠳᠠᠬᠤ ᠪᠠᠶᠢᠳᠤᠭᠠᠢ ᠪᠡᠶ᠎ᠡ ᠵᠤᠪᠠᠨ᠎ᠠ
ᠨᠡᠶᠢᠲᠡᠯᠡᠭᠰᠡᠨ ᠴᠠᠭ᠄
2018-07-02
     ᠬᠠᠨᠤᠳᠠᠯ᠎ᠠ ᠤᠨᠳᠠᠬᠤ ᠨᠢ ᠡᠷᠡᠭᠦᠯ ᠮᠡᠨᠳᠦ ᠶᠠᠪᠤᠬᠤ ᠶᠢᠨ ᠨᠢᠭᠡ ᠪᠠᠳᠤᠯᠠᠭ᠎ᠠ ᠪᠤᠯᠳᠠᠭ᠃ ᠳᠡᠶᠢᠮᠦ ᠠᠴᠠ ᠤᠨᠳᠠᠯᠭ᠎ᠠ ᠶᠢᠨ ᠦᠷᠦᠭᠡᠨ ᠤ ᠤᠷᠴᠢᠨ ᠳᠤᠭᠤᠷᠢᠨ ᠨᠢ ᠤᠨᠳᠠᠯᠭ᠎ᠠ ᠶᠢᠨ ᠴᠢᠨᠠᠷ ᠢ ᠵᠤᠬᠢᠬᠤ ᠬᠡᠮᠵᠢᠶᠡᠨ ᠳᠤ ᠨᠦᠯᠦᠭᠡᠯᠡᠨ᠎ᠠ ᠭᠡᠳᠡᠭ ᠢ ᠪᠤᠳᠤᠯᠳᠠᠢ᠃ ᠤᠢᠢᠷ᠎ᠠ ᠳᠤ᠂ ᠶᠠᠫᠤᠨ ᠤ ᠨᠢᠭᠡ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠢᠨ ᠤᠨᠳᠠᠯᠭ᠎ᠠ ᠶᠢᠨ ᠦᠷᠦᠭᠡᠨ ᠤ ᠳ᠋ᠧᠩ ᠭᠡᠳᠦ ᠭᠡᠷᠡᠯ ᠲᠠᠢ ᠪᠤᠯᠪᠠᠯ ᠬᠦᠮᠦᠨ ᠤ ᠠᠮᠢᠳᠤ ᠪᠤᠳᠠᠰ ᠤᠨ ᠴᠠᠭ ᠪᠠ ᠳᠤᠳᠤᠭᠠᠳᠤ ᠱᠦᠭᠦᠷᠡᠯ ᠤᠨ ᠬᠡᠪ ᠤᠨ ᠪᠠᠶᠢᠳᠠᠯ ᠢ ᠠᠯᠳᠠᠬᠳᠠᠭᠤᠯᠵᠤ ᠤᠨᠳᠠᠯᠭ᠎ᠠ ᠶᠢ ᠨᠦᠯᠦᠭᠡᠯᠡᠳᠡᠭ ᠢᠶᠠᠷ ᠪᠠᠷᠠᠬᠤ ᠦᠭᠡᠢ ᠪᠡᠶ᠎ᠡ ᠰᠡᠳᠭᠢᠯ ᠤᠨ ᠡᠷᠡᠭᠦᠯ  ᠮᠡᠨᠳᠦ ᠶᠢ ᠬᠤᠬᠢᠷᠠᠭᠤᠯᠳᠠᠭ ᠭᠡᠰᠡᠨ‌‍ᠰᠤᠳᠤᠯᠭᠠᠨ ᠤ ᠳ᠋ᠦᠩ ᠢ ᠨᠡᠶᠢᠳᠡᠯᠡᠭᠰᠡᠨ ᠪᠠᠶᠢᠨ᠎ᠠ᠃        1. ᠭᠠᠩᠰᠠᠷᠠᠬᠤ ᠡᠪᠡᠳᠴᠢᠨ ᠤ ᠠᠶᠤᠯ ᠢ ᠨᠡᠮᠡᠭᠳᠡᠭᠦᠯᠳᠡᠭ᠃ ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠤᠨᠳᠠᠬᠤ ᠠᠴᠠ ᠡᠮᠦᠨ᠎ᠠ ᠪᠤᠶᠤ ᠤᠨᠳᠠᠵᠤ ᠪᠠᠶᠢᠭ᠎ᠠ ᠦᠶ᠎ᠠ ᠶᠢᠨ ᠶᠠᠮᠠᠷᠪᠠ ᠨᠢᠭᠡ ᠵᠦᠢᠯ ᠤᠨ ᠭᠡᠷᠡᠯ ᠨᠢ ︵ᠴᠤᠩᠬᠤᠨ ᠪᠦᠳᠡᠭᠡᠯᠭᠡ ᠶᠢᠨ ᠵᠠᠪᠰᠠᠷ ᠢᠶᠠᠷ ᠤᠷᠤᠵᠤ ᠢᠷᠡᠭᠰᠡᠨ ᠭᠡᠷᠡᠯ᠂ ᠤᠶᠤᠨᠳᠤ ᠭᠠᠷ ᠤᠳᠠᠰᠤᠨ ᠤ ᠳᠡᠯᠭᠡᠴᠡᠨ ᠤ ᠭᠡᠷᠡᠯ ᠵᠡᠷᠭᠡ ᠶᠢ ᠪᠠᠭᠳᠠᠭᠠᠨ᠎ᠠ︶ ᠪᠦᠷ ᠬᠦᠮᠦᠨ ᠤ ᠪᠡᠶ᠎ᠡ ᠶᠢᠨ ᠠᠮᠢᠳᠤ ᠪᠤᠳᠠᠰ ᠤᠨ ᠴᠠᠭ ᠤᠨ ᠬᠡᠪ ᠤᠨ ᠪᠠᠶᠢᠳᠠᠯ ᠢ  ᠠᠯᠳᠠᠭᠳᠠᠭᠤᠯᠵᠤ᠂ ᠡᠭᠦᠨ ᠤ ᠤᠯᠠᠮ ᠠᠴᠠ ᠭᠠᠩᠰᠠᠷᠠᠬᠤ ᠡᠪᠡᠳᠴᠢᠨ ᠡᠭᠦᠰᠭᠡᠳᠡᠭ ᠭᠡᠵᠡᠢ᠃ ᠠᠮᠢᠳᠤ ᠪᠤᠳᠠᠰ ᠤᠨ ᠴᠠᠭ ᠤᠨ ᠬᠡᠪ ᠤᠨ ᠪᠠᠶᠢᠳᠠᠯ  ᠠᠯᠳᠠᠭᠳᠠᠬᠰᠠᠨ ᠠᠴᠠ ᠪᠤᠯᠵᠤ  ᠬᠦᠮᠦᠨ ᠨᠦᠢᠷ ᠬᠤᠯᠵᠢᠨ᠎ᠠ᠂ ᠰᠡᠳᠭᠢᠯ ᠰᠠᠨᠠᠭᠠᠨ ᠤ ᠳᠤᠭᠳᠠᠭᠤᠨ ᠪᠠᠶᠢᠳᠠᠯ ᠨᠢ ᠠᠯᠳᠠᠭᠳᠠᠵᠤ ᠦᠢᠯᠡ ᠠᠵᠢᠯᠯᠠᠭ᠎ᠠ ᠨᠢ  ᠨᠦᠯᠦᠭᠡᠯᠡᠭᠳᠡᠨ᠎ᠠ᠂ ᠳᠡᠭᠡᠭᠡᠳ ᠭᠠᠩᠰᠠᠷᠠᠬᠤ ᠡᠪᠡᠳᠴᠢᠨ ᠡᠭᠦᠰᠬᠦ ᠠᠶᠤᠯ ᠢ ᠨᠡᠮᠡᠭᠳᠡᠭᠦᠯᠦᠨ᠎ᠠ ᠭᠡᠵᠦ ᠱᠠᠩᠬᠠᠢ ᠶᠢᠨ ᠬᠢᠳᠠᠳ ᠡᠮᠨᠡᠯᠭᠡ ᠶᠢᠨ ᠨᠦᠢᠷ ᠬᠤᠯᠵᠢᠬᠤ ᠡᠪᠡᠳᠴᠢᠨ ᠢ ᠡᠮᠴᠢᠯᠡᠨ ᠵᠠᠰᠠᠬᠤ ᠬᠠᠮᠵᠢᠯᠴᠠᠭᠠᠨ ᠤ ᠳᠦᠪ ᠤᠨ ᠳᠡᠳ᠋ ᠡᠷᠭᠢᠯᠡᠭᠴᠢ ᠱᠢ ᠮᠢᠩ ᠳᠠᠶᠢᠯᠪᠤᠷᠢᠯᠠᠭᠰᠠᠨ ᠪᠠᠶᠢᠨ᠎ᠠ᠃ ᠳᠤᠭ᠎ᠠ ᠪᠠᠷᠢᠮᠳᠠ ᠠᠴᠠ ᠦᠵᠡᠪᠡᠯ᠂ 75%᠎ ᠤᠨ ᠭᠠᠩᠰᠠᠷᠠᠬᠤ ᠡᠪᠡᠳᠴᠢᠳᠠᠨ ᠳᠤ ᠨᠦᠢᠷ ᠬᠤᠯᠵᠢᠬᠤ ᠢᠯᠡᠷᠡᠯ ᠲᠠᠢ ᠪᠠᠶᠢᠭ᠎ᠠ ᠪᠦᠭᠡᠳ ᠡᠨᠡ ᠨᠢ ᠡᠪᠡᠳᠴᠢᠨ ᠢ ᠬᠦᠨᠳᠦᠷᠡᠭᠦᠯᠬᠦ‍ ᠨᠢᠭᠡ ᠳᠠᠯ᠎ᠠ ᠪᠤᠯᠵᠤ ᠪᠠᠶᠢᠳᠠᠭ ᠪᠠᠶᠢᠨ᠎ᠠ᠃ ᠶᠠᠫᠤᠨ ᠤ ᠨᠢᠭᠡᠨ ᠬᠠᠮᠢᠶ᠎ᠠ ᠪᠦᠬᠦᠢ ᠰᠡᠳᠭᠦᠯ ᠳᠤ᠂ ᠰᠦᠨᠢ ᠳᠡᠭᠡᠨ 8 ᠴᠠᠭ ᠤᠨᠳᠠᠵᠤ ᠳᠡᠶᠢᠯᠳᠡᠭ ᠦᠭᠡᠢ ᠬᠦᠮᠦᠨ ᠵᠤᠪᠠᠨᠢᠬᠤ ᠡᠪᠡᠳᠴᠢᠨ ᠪᠠ ᠭᠠᠩᠰᠠᠷᠠᠬᠤ ᠡᠪᠡᠳᠴᠢᠨ ᠳᠤ ᠠᠮᠠᠷᠬᠠᠨ ᠨᠡᠷᠪᠡᠭᠳᠡᠳᠡᠭ ᠭᠡᠵᠦ ᠨᠡᠶᠢᠳᠡᠯᠡᠭᠰᠡᠨ ᠪᠠᠶᠢᠨ᠎ᠠ᠃       2. ᠴᠢᠰᠦᠨ ᠤ ᠦᠭᠡᠬᠦ ᠦᠨᠳᠦᠷᠵᠢᠬᠦ᠂ ᠮᠠᠷᠢᠶᠠᠯᠠᠬᠤ᠂ ᠵᠢᠷᠦᠭᠡᠨ ᠡᠪᠡᠳᠴᠢᠨ ᠤ ᠠᠶᠤᠯ ᠨᠡᠮᠡᠭᠳᠡᠨ᠎ᠠ᠃ ᠤᠨᠳᠠᠯᠭ᠎ᠠ ᠶᠢᠨ ᠴᠢᠨᠠᠷ ᠨᠢ ᠬᠦᠮᠦᠨ ᠤ ᠪᠡᠶ᠎ᠡ ᠶᠢᠨ ᠳᠤᠳᠤᠭᠠᠳᠤ ᠱᠦᠭᠦᠷᠡᠯ ᠤᠨ ᠰᠢᠰᠲ᠋ᠧᠮ ᠪᠠ ᠰᠢᠩᠭᠡᠭᠡᠯᠳᠡ ᠶᠢᠨ ᠰᠢᠰᠲ᠋ᠧᠮ ᠤᠨ ᠠᠵᠢᠯᠯᠠᠭ᠎ᠠ ᠶᠢ ᠨᠦᠯᠦᠭᠡᠯᠡᠳᠡᠭ ᠭᠡᠵᠦ ᠱᠢ ᠮᠢᠩ ᠶᠠᠷᠢᠬᠰᠠᠨ ᠪᠠᠶᠢᠨ᠎ᠠ᠃ ᠬᠠᠨᠳᠠᠯ᠎ᠠ ᠤᠨᠳᠠᠵᠤ ᠴᠢᠳᠠᠭᠰᠠᠨ ᠦᠭᠡᠢ  ᠪᠤᠶᠤ ᠨᠦᠢᠷ ᠬᠤᠯᠵᠢᠬᠰᠠᠨ ᠳᠤᠬᠢᠶᠠᠯᠳᠤᠯ ᠳᠤ᠂ ᠬᠦᠮᠦᠨ ᠤ ᠪᠡᠶ᠎ᠡ ᠶᠢᠨ ᠱᠦᠭᠦᠷᠡᠭᠦᠯᠦᠭᠰᠡᠨ ︽ᠳᠤᠷᠠᠬᠤ ᠡᠳ᠋︾᠎ ᠨᠢ ᠬᠦᠢᠴᠡᠳ ᠪᠢᠰᠢ ᠪᠠᠶᠢᠵᠤ᠂ ᠡᠳᠦᠷ ᠤᠨ ᠢᠳᠡᠵᠦ ᠤᠷᠤᠭᠤᠯᠤᠭᠰᠠᠨ ᠦᠭᠡᠬᠦ ᠪᠠᠨ ᠰᠢᠩᠭᠡᠭᠡᠨ ᠰᠢᠢᠳᠪᠦᠷᠢᠯᠡᠵᠦ ᠳᠠᠭᠤᠰᠤᠭᠰᠠᠨ ᠦᠭᠡᠢ ᠠᠴᠠ ᠪᠤᠯᠵᠤ ᠦᠭᠡᠬᠦ ᠪᠡᠶ᠎ᠡ ᠳᠤ ᠬᠤᠷᠠᠮᠳᠤᠨ ᠴᠢᠰᠦᠨ ᠤ ᠦᠭᠡᠬᠦ ᠶᠢ  ᠦᠨᠳᠦᠷᠵᠢᠬᠦᠯᠵᠦ᠂ ᠮᠠᠷᠢᠶ᠎ᠠ ᠶᠢ ᠨᠡᠮᠡᠭᠳᠡᠭᠦᠯᠳᠡᠭ᠃ ᠰᠦᠨᠢ ᠰᠤᠯᠪᠢᠭᠤ ᠮᠡᠳᠡᠷᠡᠯ ᠤᠨ ᠬᠦᠭᠡᠷᠦᠯᠳᠡ ᠶᠢᠨ ᠪᠠᠶᠢᠳᠠᠯ ᠨᠢ ᠡᠳᠦᠷ ᠤᠨ ᠬᠢ ᠠᠴᠠ ᠨᠠᠮᠵᠢᠭᠤᠨ ᠪᠠᠶᠢᠳᠠᠭ᠂ ᠬᠡᠷᠪᠡ ᠳᠠᠪᠠᠳᠠᠢ ᠤᠨᠳᠠᠵᠤ ᠳᠡᠶᠢᠯᠬᠦ ᠦᠭᠡᠢ ᠪᠤᠯ ᠰᠤᠯᠪᠢᠭᠤ ᠮᠡᠳᠡᠷᠡᠯ ᠨᠢ ᠬᠦᠭᠡᠷᠦᠯᠳᠡ ᠶᠢᠨ ᠪᠠᠶᠢᠳᠠᠯ ᠲᠠᠢ ᠪᠤᠯᠵᠤ᠂ ᠵᠢᠷᠦᠭᠡᠨ ᠤ ᠠᠪᠴᠢᠬᠤ ᠳᠠᠷᠤᠯᠳᠠ ᠪᠠ ᠳᠡᠯᠡᠬᠦ ᠳᠠᠷᠤᠯᠳᠠ ᠶᠢᠨ ᠬᠡᠪ ᠤᠨ ᠪᠤᠰᠤ ᠬᠤᠪᠢᠷᠠᠯᠳᠠ ᠶᠢ ᠡᠭᠦᠰᠭᠡᠨ  ᠵᠢᠷᠦᠭᠡ ᠵᠢᠴᠢ ᠵᠢᠷᠦᠭᠡᠨ ᠰᠤᠳᠠᠯ ᠤᠨ ᠡᠪᠡᠳᠴᠢᠨ ᠡᠭᠦᠰᠬᠦ ᠠᠶᠤᠯ ᠢ ᠨᠡᠮᠡᠭᠳᠡᠭᠦᠯᠦᠨ᠎ᠠ᠃        3. ᠬᠠᠷ᠎ᠠ ᠦᠩᠭᠡ ᠶᠢ ᠠᠷᠢᠯᠭᠠᠬᠤ ᠡᠳ᠋ ᠤᠨ ᠢᠯᠭᠠᠷᠠᠭᠤᠯᠤᠯᠳᠠ ᠪᠠ ᠦᠯᠦ ᠬᠠᠯᠳᠠᠭᠠᠬᠤ ᠡᠳ᠋ ᠤᠨ ᠪᠤᠢ ᠪᠤᠯᠬᠤ ᠶᠢ ᠨᠦᠯᠦᠭᠡᠯᠡᠵᠦ᠂ ᠠᠮᠠᠷᠬᠠᠨ ᠦᠮᠡᠨ ᠡᠭᠦᠰᠭᠡᠳᠡᠭ᠃ ᠬᠠᠷ᠎ᠠ ᠦᠩᠭᠡ ᠶᠢ ᠠᠷᠢᠯᠭᠠᠬᠤ ᠡᠳ᠋ ᠭᠡᠳᠡᠭ ᠪᠤᠯ ᠨᠢᠭᠡ ᠵᠦᠢᠯ ᠤᠨ ᠨᠦᠢᠷ ᠢ ᠰᠠᠶᠢᠵᠢᠷᠠᠭᠤᠯᠳᠠᠭ ᠬᠤᠷᠮᠤᠨ ᠪᠤᠯᠤᠨ᠎ᠠ᠂  ︽ᠹᠢᠽᠢᠦᠯᠦᠭᠢ ᠶᠢᠨ ᠮᠡᠳᠡᠭᠦᠯᠦᠯᠳᠡ︾ ᠰᠡᠳᠭᠦᠯ ᠳᠤ ᠨᠡᠶᠢᠳᠡᠯᠡᠭᠳᠡᠭᠰᠡᠨ ᠨᠢᠭᠡ ᠰᠤᠳᠤᠯᠭᠠᠨ ᠤ ᠪᠦᠲᠦᠭᠡᠯ ᠳᠤ᠂ ᠤᠨᠳᠠᠬᠤ ᠠᠴᠠ ᠡᠮᠦᠨ᠎ᠠ ᠬᠤᠷᠴᠠ ᠭᠡᠷᠡᠯ ᠤᠨ ᠳᠤᠤᠷ᠎ᠠ ᠪᠠᠶᠢᠬᠤ ᠨᠢᠬᠠᠷ᠎ᠠ ᠦᠩᠭᠡ ᠶᠢ ᠠᠷᠢᠯᠭᠠᠬᠤ ᠡᠳ᠋ ᠤᠨ ᠢᠯᠭᠠᠷᠠᠭᠤᠯᠤᠯᠳᠠ ᠶᠢ  ᠨᠦᠯᠦᠭᠡᠯᠡᠵᠦ᠂ ᠳᠡᠭᠦᠨ ᠤ ᠢᠯᠭᠠᠷᠠᠭᠤᠯᠤᠯᠳᠠ ᠶᠢᠨ ᠬᠡᠮᠵᠢᠶ᠎ᠡ ᠶᠢᠨ ᠶᠡᠭᠡ ᠪᠠᠭ᠎ᠠ ᠨᠢ ᠤᠨᠳᠠᠯᠭ᠎ᠠ ᠶᠢᠨ ᠴᠢᠨᠠᠷ ᠢ ᠰᠢᠭᠤᠳ ᠨᠦᠯᠦᠭᠡᠯᠡᠳᠡᠭ ᠭᠡᠵᠡᠢ᠃  ᠬᠠᠷ᠎ᠠ ᠦᠩᠭᠡ ᠶᠢ ᠠᠷᠢᠯᠭᠠᠬᠤ ᠡᠳ᠋ ᠪᠤᠯ ᠨᠢᠭᠡᠨᠳᠡ ᠢᠯᠡᠷᠡᠭᠦᠯᠦᠭᠰᠡᠨ ᠬᠠᠮᠤᠭ ᠤᠨ ᠬᠦᠴᠦᠳᠠᠢ ᠳᠤᠳᠤᠭᠠᠳᠤ ᠡᠭᠦᠰᠦᠯ ᠤᠨ ᠴᠢᠨᠠᠷᠳᠠᠢ ᠴᠢᠯᠦᠭᠡᠳᠦ ᠪᠦᠯᠦᠭ ᠤᠨ ᠠᠷᠢᠯᠭᠠᠭᠴᠢ ᠡᠳ᠋ ᠪᠠᠶᠢᠵᠤ᠂ ᠳᠡᠭᠦᠨ ᠤ ᠢᠰᠦᠯᠳᠦᠬᠦ ᠶᠢ ᠬᠤᠷᠢᠬᠯᠠᠬᠤ ᠴᠢᠳᠠᠪᠤᠷᠢ ᠨᠢ ᠳᠤᠩ ᠬᠦᠴᠦᠳᠠᠢ ᠪᠠᠶᠢᠵᠤ᠂ ᠡᠰ ᠤᠨ ᠢᠰᠦᠯᠳᠦᠨ ᠬᠤᠬᠢᠷᠠᠬᠤ ᠶᠢ ᠪᠦᠲᠦᠮᠵᠢᠳᠠᠢ ᠰᠡᠷᠭᠡᠶᠢᠯᠡᠨ ᠬᠤᠷᠢᠬᠯᠠᠳᠠᠭ᠃ ᠡᠰ ᠤᠨ ᠰᠢᠨ᠎ᠠ ᠬᠠᠭᠤᠴᠢᠨ ᠤ ᠰᠤᠯᠢᠯᠴᠠᠭ᠎ᠠ ᠪᠠ ᠬᠤᠬᠢᠷᠠᠭᠰᠠᠨ ᠵᠶ᠋ᠠᠨ‌ᠨᠦ᠋ᠬᠦᠨ ᠰᠡᠯᠪᠢᠬᠦ ᠠᠵᠢᠯᠯᠠᠭ᠎ᠠ ᠨᠢ ᠶᠡᠷᠦᠳᠡᠭᠡᠨ ᠰᠦᠨᠢ ᠶᠠᠪᠤᠬᠳᠠᠳᠠᠭ᠂ ᠬᠦᠮᠦᠨ ᠤ ᠪᠡᠶ᠎ᠡ ᠶᠢᠨ ᠬᠠᠷ᠎ᠠ ᠦᠩᠭᠡ ᠶᠢ ᠠᠷᠢᠯᠭᠠᠬᠤ ᠡᠳ᠋ ᠤᠨ ᠢᠯᠭᠠᠷᠠᠭᠤᠯᠤᠯᠳᠠ ᠪᠠ ᠦᠯᠦ ᠬᠠᠯᠳᠠᠭᠠᠬᠤ ᠡᠳ᠋ ᠳᠤᠳᠠᠭᠳᠠᠪᠠᠯ ᠨᠦᠢᠷ ᠤᠨ ᠴᠢᠨᠠᠷ ᠢ ᠨᠦᠯᠦᠭᠡᠯᠡᠵᠦ᠂ ᠡᠰ ᠤᠨ ᠰᠢᠨᠡᠳᠦᠯ ᠳᠤ ᠰᠠᠭᠠᠳ ᠪᠤᠯᠵᠤ᠂ ᠦᠮᠡᠨ ᠡᠭᠦᠰᠭᠡᠬᠦ ᠪᠤᠯᠤᠮᠵᠢ ᠶᠢ ᠪᠤᠢ ᠪᠤᠯᠭᠠᠳᠠᠭ᠃               ︽ᠶᠡᠷᠦᠩᠬᠡᠢ ᠳᠡᠭᠡᠨ᠂ ᠬᠦᠮᠦᠨ ᠤ  ᠪᠡᠶ᠎ᠡ ᠶᠢᠨ  ᠤᠨᠳᠠᠯᠭ᠎ᠠ ᠶᠢ  ᠪᠦᠭᠡ  ᠤᠨᠳᠠᠬᠤ  ᠪᠠ  ᠰᠡᠷᠭᠡᠭ  ᠤᠨᠳᠠᠬᠤ  ᠭᠡᠵᠦ ᠬᠤᠪᠢᠶᠠᠵᠤ ᠪᠤᠯᠤᠨ᠎ᠠ᠃ ᠪᠦᠭᠡ ᠤᠨᠳᠠᠯᠭ᠎ᠠ ᠨᠢ ᠭᠤᠤᠯᠳᠠᠭᠤ ᠰᠦᠨᠢ ᠶᠢᠨ 11 ᠴᠠᠭ ᠠᠴᠠ  ᠳᠠᠷᠠᠭ᠎ᠠ ᠤᠨ  ᠦᠷᠯᠦᠭᠡ ᠶᠢᠨ  3—  4  ᠴᠠᠭ ᠤᠨ  ᠬᠤᠭᠤᠷᠤᠨᠳᠤ  ᠳᠦᠪᠯᠡᠷᠡᠳᠡᠭ᠂  ᠦᠷᠯᠦᠭᠡ ᠶᠢᠨ  4  ᠴᠠᠭ ᠠᠴᠠ  ᠬᠤᠶᠢᠰᠢ  ᠪᠦᠭᠡ  ᠤᠨᠳᠠᠭᠰᠠᠨ ᠪᠠᠶᠢᠳᠠᠯ ᠠᠴᠠ ᠪᠠᠨ ᠠᠭᠠᠵᠢᠮ ᠢᠶᠠᠷ ᠰᠡᠷᠢᠬᠦ ᠳᠡᠰᠢ ᠪᠠᠨ ᠬᠠᠨᠳᠤᠵᠤ᠂ ᠰᠡᠷᠭᠡᠭ  ᠤᠨᠳᠠᠯᠭ᠎ᠠ ᠪᠠᠷ  ᠭᠤᠤᠯᠳᠠᠳᠠᠭ᠃  ᠬᠦᠮᠦᠨ ‍ᠤ‌‍ᠪᠡᠶ᠎ᠡ ᠶᠢᠨ ᠠᠯᠢ ᠤᠯᠠᠨ ᠹᠢᠽᠢᠦᠯᠦᠭᠢ ᠶᠢᠨ ᠠᠵᠢᠯᠯᠠᠭ᠎ᠠ᠂ ᠵᠢᠱᠢᠶᠡᠯᠡᠪᠡᠯ ᠡᠨᠧᠷᠭᠢ ᠶᠢᠨ  ᠬᠤᠪᠢᠰᠤᠨ  ᠨᠡᠶᠢᠯᠡᠭᠵᠢᠬᠦ᠂  ᠬᠤᠷᠮᠤᠨ ‍ᠤ‌ᠢᠯᠭᠠᠷᠠᠭᠤᠯᠤᠯᠳᠠ ᠵᠡᠷᠭᠡ ᠨᠢ ᠪᠦᠷ ᠪᠦᠭᠡ ᠤᠨᠳᠠᠭᠰᠠᠨ ᠦᠶ᠎ᠡ ᠳᠤ ᠶᠠᠪᠤᠭᠳᠠᠳᠠᠭ᠃ ᠬᠡᠷᠪᠡ  ᠤᠷᠳᠤ  ᠬᠤᠭᠤᠴᠠᠭ᠎ᠠ ᠪᠠᠷ  ᠨᠦᠢᠷ‌ᠬᠤᠯᠵᠢᠬᠰᠠᠨ ᠪᠤᠶᠤ ᠤᠨᠳᠠᠯᠭ᠎ᠠ ᠶᠢᠨ ᠴᠢᠨᠠᠷ ᠳᠤᠤᠷ᠎ᠠ ᠪᠤᠯᠪᠠᠯ᠂ ᠴᠤᠯᠤ ᠰᠠᠪᠠ ᠶᠢᠨ ᠰᠢᠨ᠎ᠡ ᠬᠠᠭᠤᠴᠢᠨ ᠤ ᠰᠤᠯᠢᠯᠴᠠᠭᠠᠨ ᠤ ᠴᠢᠳᠠᠪᠬᠢ ᠶᠢ ᠰᠠᠮᠠᠭᠤᠷᠠᠭᠤᠯᠵᠤ᠂ ᠬᠦᠮᠦᠨ ᠤ ᠪᠡᠶ᠎ᠡ ᠰᠡᠳᠭᠢᠯ ᠤᠨ ᠡᠷᠡᠭᠦᠯ ᠮᠡᠨᠳᠦ ᠶᠢ ᠨᠦᠯᠦᠭᠡᠯᠡᠳᠡᠭ᠃ ᠬᠡᠦᠬᠡᠳ ᠲᠤ  ᠠᠪᠴᠤ‌‍ᠬᠡᠯᠡᠪᠡᠯ ᠨᠡᠩ ᠴᠤ ᠤᠨᠴᠠᠭᠠᠢ ᠠᠩᠬᠠᠷᠬᠤ ᠭᠡᠷᠡᠭᠳᠡᠢ᠂ ᠤᠨᠳᠠᠯᠭ᠎ᠠ ᠶᠢᠨ ᠴᠢᠨᠠᠷ ᠤᠨ ᠰᠠᠶᠢᠨ ᠮᠠᠭᠤ ᠨᠢ ᠬᠡᠦᠬᠡᠳ  ᠦᠰᠦᠯᠳᠠ ᠵᠢᠨ‌ᠬᠤᠷᠮᠤᠨ ᠪᠠ ᠴᠡᠭᠡᠵᠢᠯᠡᠬᠦ ᠴᠢᠳᠠᠪᠤᠷᠢ ᠲᠠᠢ ᠰᠢᠭᠤᠳ ᠬᠤᠯᠪᠤᠭ᠎ᠠ ᠲᠠᠢ ᠪᠠᠶᠢᠳᠠᠭ︾ ᠭᠡᠵᠦ ᠱᠢ ᠮᠢᠩ ᠶᠠᠷᠢᠬᠰᠠᠨ ᠪᠠᠶᠢᠨ᠎ᠠ᠃ ᠲᠡᠷᠡ᠂ ᠠᠮᠢᠳᠤᠷᠠᠯ ᠤᠨ ᠴᠢᠨᠠᠷ ᠴᠢᠨᠰᠠᠭ᠎ᠠ ᠪᠠᠨ ᠳᠡᠭᠡᠭᠰᠢᠯᠡᠭᠦᠯᠵᠦ᠂ ᠠᠵᠢᠯᠯᠠᠵᠤ ᠠᠮᠠᠷᠠᠬᠤ ᠪᠠᠨ ᠵᠢᠮ᠎ᠠ ᠶᠤᠰᠤ ᠲᠠᠢ ᠪᠠᠶᠢᠯᠭᠠᠵᠤ᠂ ᠰᠦᠨᠢᠵᠢᠨ ᠰᠠᠭᠤᠬᠤ ᠦᠭᠡᠢ᠂ ᠤᠨᠳᠠᠬᠤ ᠠᠴᠠ ᠪᠠᠨ ᠡᠮᠦᠨ᠎ᠠ ᠭᠠᠷ ᠤᠳᠠᠰᠤ ᠪᠠᠨ ᠬᠠᠭᠠᠵᠤ᠂ ᠭᠡᠷᠡᠯ  ᠨᠡᠪᠳᠡᠷᠡᠳᠡᠭ ᠦᠭᠡᠢ ᠴᠤᠩᠬᠤᠨ ᠪᠦᠳᠡᠭᠡᠯᠭᠡ ᠬᠢᠵᠦ ᠤᠨᠳᠠᠯᠭ᠎ᠠ ᠶᠢᠨ ᠦᠷᠦᠭᠡᠨ ᠤ ᠬᠠᠷᠠᠩᠭᠤᠢ ᠪᠠᠶᠢᠬᠤ ᠶᠢ ᠴᠢᠳᠠᠬᠤ ᠶᠢᠨ ᠳᠤᠳᠤᠷ᠎ᠠ ᠪᠠᠳᠤᠯᠠᠵᠤ᠂ ᠤᠨᠳᠠᠯᠭ᠎ᠠ ᠶᠢᠨ ᠦᠷᠦᠭᠡᠨ ᠳᠡᠭᠡᠨ ᠳᠤᠯᠠᠭᠠᠨ ᠵᠦᠭᠡᠯᠡᠨ ᠦᠩᠭᠡ ᠲᠠᠢ ᠳ᠋ᠧᠩ ᠳᠠᠭᠠᠷᠠᠭᠤᠯᠪᠠᠯ ᠵᠤᠬᠢᠨ᠎ᠠ ᠭᠡᠵᠦ ᠰᠠᠨᠠᠭᠤᠯᠤᠭᠰᠠᠨ‌‍ᠪᠠᠶᠢᠨ᠎ᠠ᠃
 
ᠢᠷᠡᠯᠲᠡ᠄ ᠲᠤᠮᠳᠠᠳᠣ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号