| | ᠠᠮᠧᠷᠢᠺᠡ ᠶᠢᠨ ᠺᠠᠯᠫᠣᠷᠨᠢᠶᠠ ᠵᠸᠦ ᠶᠡᠭᠡ ᠰᠣᠷᠭᠠᠭᠤᠯᠢ ᠶᠢᠨ ᠯᠠᠥᠰ ᠠᠩᠵᠧᠯᠧᠰ ᠤᠨ ᠬᠤᠪᠢᠶᠠᠷᠢ ᠰᠣᠷᠭᠠᠭᠤᠯᠢ | ᠵᠢᠨᠨᠢᠭᠡ ᠲᠥᠷᠦᠯ ᠤᠨ ᠰᠣᠳᠣᠯᠭᠠᠨ ᠳᠤ ᠬᠡᠯᠡᠭᠰᠡᠨ ᠢᠶᠠᠷ᠂60 ᠨᠠᠰᠣᠨ ᠠᠴᠠ ᠳᠡᠭᠡᠭᠰᠢᠬᠢ ᠢᠳᠡᠷ ᠥᠲᠡᠯᠦᠭᠡ ᠨᠠᠰᠣᠨ | ᠤ ᠬᠥᠮᠦᠰᠡᠳᠦᠷ ᠪᠦᠷᠢ 4000 ᠠᠯᠬᠤᠮ ᠠᠯᠬᠤᠪᠠᠯ ᠠᠩᠬᠠᠷᠣᠯ ᠢᠶᠠᠨ ᠰᠠᠶᠢᠵᠢᠷᠠᠭᠤᠯᠵᠣ ᠴᠡᠭᠡᠵᠢᠯᠡᠬᠦ ᠴᠢᠳᠠᠪᠣᠷᠢ | ᠪᠠᠨ ᠳᠡᠭᠡᠭᠰᠢᠯᠡᠬᠦᠯᠵᠦ ᠪᠣᠯᠣᠨ᠎ᠠ᠃ ᠬᠤᠶᠠᠷ ᠵᠢᠯ ᠤᠨ ᠬᠤᠭᠤᠴᠠᠭᠠᠨ ᠤ ᠰᠣᠳᠣᠯᠭᠠᠨ ᠳᠤ᠂ ᠰᠣᠳᠣᠯᠣᠭᠴᠢ 60 | ᠨᠠᠰᠣᠨ ᠠᠴᠠ ᠳᠡᠭᠡᠭᠰᠢᠬᠢ᠂ ᠥᠪᠡᠷ ᠤᠨ ᠴᠡᠭᠡᠵᠢᠯᠡᠬᠦ ᠴᠢᠳᠠᠪᠣᠷᠢ ᠳᠤ ᠪᠠᠨ ᠬᠠᠷᠢᠴᠠᠩᠭᠤᠢ ᠬᠠᠨᠣᠮᠵᠢ ᠦᠭᠡᠢ ᠢᠳᠡᠷ | ᠥᠲᠡᠯᠦᠭᠡ ᠨᠠᠰᠣᠨ ᠤ 29 ᠬᠦᠮᠦᠰ ᠢ ᠡᠯᠰᠡᠵᠦ᠂ ᠬᠤᠷᠳᠣᠳᠬᠠᠯ ᠤᠨ ᠬᠡᠮᠵᠢᠭᠦᠷ ᠢᠶᠠᠷ 7 ᠡᠳᠦᠷ ᠤᠨ ᠳᠣᠲᠣᠷᠠᠬᠢ | ᠪᠡᠶ᠎ᠡ ᠮᠠᠬᠠᠪᠣᠳ ᠤᠨ ᠠᠵᠢᠯᠯᠠᠭ᠎ᠠ ᠶᠢ ᠮᠦᠷᠳᠡᠭᠰᠡᠨ ᠪᠦᠭᠡᠳ ᠳᠡᠳᠡᠨ ᠤ ᠡᠳᠦᠷ ᠪᠦᠷᠢ ᠶᠢᠨ ᠳᠣᠮᠳᠠᠴᠢ ᠠᠯᠬᠤᠮ ᠤᠨ | ᠲᠤᠭ᠎ᠠ ᠶᠢ ᠳᠡᠮᠳᠡᠭᠯᠡᠪᠡ᠃ | ᠣᠷᠣᠯᠴᠠᠭᠴᠢ ᠬᠤᠶᠠᠷ ᠳᠣᠭᠤᠶᠢᠯᠠᠩ ᠬᠤᠪᠢᠶᠠᠭᠳᠠᠵᠣ᠂ ᠨᠢᠭᠡ ᠳᠣᠭᠤᠶᠢᠯᠠᠩ ᠨᠢ ᠡᠳᠦᠷ ᠪᠦᠷᠢ 4000 | ᠠᠯᠬᠤᠮ ᠠᠴᠠ ᠳᠡᠭᠡᠭᠰᠢ ᠠᠯᠬᠤᠵᠣ᠂ ᠨᠢᠭᠡ ᠳᠣᠭᠤᠶᠢᠯᠠᠩ ᠨᠢ 4000 ᠠᠯᠬᠤᠮ ᠠᠴᠠ ᠳᠣᠷᠣᠭᠰᠢ ᠠᠯᠬᠤᠨ᠂ | ᠳᠠᠷᠠᠭ᠎ᠠ ᠨᠢ ᠶᠠᠪᠣᠭᠳᠠᠭᠤᠯᠣᠭᠰᠠᠨ ᠨᠢᠭᠡ ᠰᠢᠷᠢᠰ ᠮᠡᠳᠡᠷᠡᠯ ᠤᠨ ᠰᠡᠳᠬᠢᠴᠡ ᠶᠢᠨ ᠪᠠᠶᠢᠴᠠᠭᠠᠯᠲᠠ ᠪᠠ ᠰᠣᠷᠢᠨᠵᠢᠨ | ᠲᠦᠷᠰᠦ ᠪᠦᠲᠦᠭᠡᠬᠦ ᠰᠢᠷᠪᠢᠯᠲᠠ ᠪᠠᠷ ᠢᠯᠡᠷᠡᠭᠦᠯᠦᠭᠰᠡᠨ ᠢᠶᠠᠷ᠂ ᠡᠳᠦᠷ ᠪᠦᠷᠢ 4000 ᠠᠯᠬᠤᠮ ᠠᠴᠠ ᠢᠯᠡᠭᠦᠦ | ᠠᠯᠬᠤᠭᠰᠠᠨ ᠨᠢᠬᠡ ᠳᠣᠭᠤᠶᠢᠯᠠᠩ ᠬᠦᠮᠦᠰ ᠤᠨ ᠲᠠᠷᠢᠬᠢᠨ ᠬᠦᠩᠬᠦᠷ ᠤᠨ ᠪᠡᠶ᠎ᠡ ᠵᠢᠴᠢ ᠡᠷᠬᠢᠨ ᠲᠣᠭᠤᠷᠢᠨ ᠨᠢ | 4000 ᠠᠯᠬᠤᠮ ᠬᠦᠷᠦᠭᠰᠡᠨ ᠦᠭᠡᠢ ᠬᠥᠮᠦᠰ ᠲᠠᠢ ᠬᠠᠷᠢᠴᠠᠭᠤᠯᠪᠠᠯ ᠵᠣᠵᠠᠭᠠᠷᠠᠭᠰᠠᠨ ᠪᠠᠶᠢᠨ᠎ᠠ᠃ | ᠰᠣᠳᠣᠯᠣᠭᠴᠢ ᠶᠢᠨ ᠬᠡᠯᠡᠭᠰᠡᠨ ᠢᠶᠠᠷ᠂ ᠡᠳᠡᠭᠡᠷ ᠣᠷᠣᠨ ᠣᠯᠠᠮ ᠵᠣᠵᠠᠭᠠᠷᠠᠵᠣ᠂ ᠬᠥᠮᠦᠰ ᠤᠨ ᠠᠩᠬᠠᠷᠣᠯ ᠤᠨ | ᠬᠦᠴᠦᠨ᠂ ᠮᠡᠳᠡᠭᠡ ᠵᠠᠩᠭᠢ ᠶᠢᠨ ᠰᠢᠢᠳᠪᠦᠷᠢᠯᠡᠬᠦ ᠬᠤᠷᠳᠣᠴᠠ ᠪᠠ ᠬᠡᠷᠡᠭᠵᠢᠬᠦᠯᠬᠦ ᠴᠢᠳᠠᠪᠣᠷᠢ ᠶᠢᠨ ᠲᠠᠯ᠎ᠠ ᠳᠤ ᠢᠷᠡᠯ | ᠨᠢ ᠣᠯᠠᠮ ᠰᠠᠶᠢᠵᠢᠷᠠᠨ ᠲᠠᠨᠢᠨ ᠮᠡᠳᠡᠷᠡᠬᠦᠢ ᠶᠢᠨ ᠴᠢᠳᠠᠪᠣᠷᠢ ᠣᠯᠠᠮ ᠴᠢᠩᠭᠠᠷᠠᠵᠠᠢ᠃ ᠰᠢᠨ᠎ᠡ ᠰᠣᠳᠣᠯᠣᠯᠲᠠ ︽ | Alzheimer ᠡᠪᠡᠳᠴᠢᠨ ᠤ ᠰᠡᠳᠬᠦᠯ︾ ᠳᠡᠭᠡᠷ᠎ᠡ ᠨᠡᠶᠢᠲᠡᠯᠡᠭᠳᠡᠪᠡ᠃ | | | | | | |