| ᠠᠮᠠᠨ ᠬᠦᠨᠳᠡᠢ ᠠᠴᠠ ᠦᠯᠢᠬᠡᠷ ᠠᠪᠬᠤ ᠦᠶᠡᠰ᠄ ᠦᠯᠢᠬᠡᠷ ᠠᠪᠬᠤ ᠠᠴᠠ ᠡᠮᠦᠨ᠎ᠡ 2 ᠴᠠᠭ ᠤᠨ ᠲᠤᠲᠤᠷ᠎ᠠ | ᠬᠤᠭᠤᠯᠠ ᠤᠮᠳᠠ ᠢᠳᠡᠵᠦ ᠤᠤᠭᠤᠵᠤ ᠪᠤᠯᠬᠤ ᠦᠬᠡᠢ᠃ | ᠡᠮᠴᠢ ᠠᠴᠠ ᠬᠦᠪᠤᠩᠳᠦ ᠰᠢᠪᠠᠭ᠎ᠠ ᠶᠢ ᠪᠡᠯᠡᠳᠬᠡᠭᠰᠡᠨ ᠤ ᠰᠡᠬᠦᠯᠡᠷ᠂ ᠡᠷᠡᠦ ᠪᠠᠨ ᠲᠡᠭᠡᠭᠰᠢ 45 ᠭᠷᠡᠳᠦ᠋ᠰ ᠡᠷᠬᠦᠵᠦ᠂ | ᠠᠮᠠ ᠪᠠᠨ ᠠᠩᠭᠠᠢᠢᠨ ᠠᠮᠢᠰᠬᠤᠭ᠎ᠠ ᠠᠪᠬᠤ ᠦᠬᠡᠢ ᠪᠠᠷ ︽ᠠ ᠁︾ ᠬᠡᠵᠦ ᠲᠤᠤᠭᠠᠷᠪᠠᠯ ᠰᠡᠶᠢᠨ᠃ | ᠪᠡᠶ᠎ᠡ ᠪᠠᠨ ᠰᠤᠯᠠ ᠲᠠᠯᠪᠢᠨ᠂ ᠬᠦᠨ ᠠᠮᠢᠰᠬᠤᠵᠤ᠂ ᠰᠠᠨᠳᠤᠷᠴᠤ ᠪᠤᠯᠬᠤ ᠦᠬᠡᠢ᠃ | ᠬᠠᠮᠠᠷ ᠠᠴᠠ ᠦᠯᠢᠬᠡᠷ ᠠᠪᠬᠤ ᠦᠶᠡᠰ᠄ ᠪᠠᠭ᠎ᠠ ᠰᠠᠭ᠎ᠠ ᠡᠪ ᠦᠬᠡᠢ ᠰᠠᠨᠠᠭᠳᠠᠬᠤ ᠪᠤᠶᠤ ᠵᠠᠭᠠᠳᠤᠨᠠᠵᠤ | ᠨᠠᠶᠢᠳᠠᠭᠠᠵᠤ ᠮᠡᠳᠡᠨ᠎ᠠ᠂ ᠬᠡᠷᠪᠡ ᠨᠠᠶᠢᠳᠠᠭᠠᠪᠠᠯ ᠡᠷᠬᠡᠪᠰᠢ ᠴᠠᠭᠠᠰᠤ ᠪᠠᠷ ᠪᠤᠶᠤ ᠬᠠᠨᠴᠤᠢ ᠪᠠᠷ ᠢᠶᠠᠨ ᠠᠮᠠ ᠪᠠᠨ ᠪᠦᠭᠯᠡᠬᠦ | ᠬᠡᠷᠡᠭᠳᠡᠢ᠃ | ᠦᠯᠢᠬᠡᠷ ᠠᠪᠴᠤ ᠪᠠᠶᠢᠬᠤ ᠬᠤᠭᠤᠴᠠᠭᠠᠨ ᠳᠤ ᠬᠡᠷᠪᠡ ᠬᠠᠮᠠᠷ ᠠᠴᠠ ᠬᠡᠨᠡᠳᠳᠡ ᠶᠡᠭᠡ ᠪᠠᠷ ᠴᠢᠰᠤ ᠭᠠᠷᠪᠠᠯ | ᠲᠠᠷᠤᠢ ᠳᠤᠨᠢ ᠡᠮᠨᠡᠯᠬᠡ ᠳᠤ ᠤᠴᠢᠬᠤ ᠬᠡᠷᠡᠭᠳᠡᠢ᠃ | ᠪᠤᠰᠤᠳ ᠠᠩᠬᠠᠷᠬᠤ ᠵᠦᠢᠯ᠄ | 1᠂ ᠦᠯᠢᠬᠡᠷ ᠠᠪᠬᠤ ᠠᠴᠠ ᠡᠮᠦᠨ᠎ᠡ ᠠᠮᠠ ᠪᠠᠨ ᠤᠬᠢᠶᠠᠵᠤ᠂ ᠠᠮᠠᠨ ᠬᠦᠨᠳᠡᠢ ᠪᠠᠨ ᠴᠡᠪᠡᠷ ᠪᠠᠶᠢᠯᠭᠠᠪᠠᠯ ᠰᠡᠶᠢᠨ᠃ | | 2᠂ ᠦᠯᠢᠬᠡᠷ ᠠᠪᠬᠤ ᠠᠴᠠ ᠡᠮᠦᠨ᠎ᠡ ᠬᠠᠭᠠᠰ ᠴᠠᠭ ᠲᠤᠲᠤᠷ᠎ᠠ ᠠᠷᠢᠬᠢ ᠤᠤᠭᠤᠵᠤ ᠲᠠᠮᠠᠬᠢ ᠲᠠᠲᠠᠵᠤ ᠪᠤᠯᠬᠤ | ᠦᠬᠡᠢ᠃ | 3᠂ ᠦᠯᠢᠬᠡᠷ ᠠᠪᠤᠭᠤᠯᠬᠤ ᠪᠠᠷ ᠭᠠᠷᠬᠤ ᠳᠠᠭᠠᠨ ᠪᠠᠶ᠎ᠠ ᠶᠢᠨ ᠦᠨᠡᠮᠯᠡᠯ ᠢᠶᠠᠨ ᠠᠪᠴᠤ᠂ ᠦᠨᠡᠮᠯᠡᠯ ᠬᠠᠷᠠᠬᠠᠨ | ᠠᠪᠤᠭᠠᠳᠤᠢ ᠬᠡᠦᠬᠡᠳ ᠪᠠᠭᠠᠴᠤᠤᠯ ᠡᠷᠦᠬᠡ ᠠᠮᠠ ᠶᠢᠨ ᠲᠡᠪᠳᠡᠷ ᠢᠶᠠᠨ ᠠᠪᠬᠤ ᠬᠡᠷᠡᠭᠳᠡᠢ᠃ | 4᠂ ᠦᠯᠢᠬᠡᠷ ᠠᠪᠤᠭᠤᠯᠬᠤ ᠪᠠᠷ ᠭᠠᠷᠬᠤ ᠳᠠᠭᠠᠨ ᠠᠮᠠᠪᠴᠢ ᠪᠠᠨ ᠵᠡᠬᠦᠵᠦ᠂ ᠬᠠᠮᠤᠭ ᠰᠡᠶᠢᠨ ᠨᠢ ᠢᠯᠡᠬᠦᠦ ᠨᠢᠬᠡ | ᠠᠮᠠᠪᠴᠢ ᠪᠡᠯᠡᠳᠬᠡᠨ ᠦᠯᠢᠬᠡᠷ ᠠᠪᠴᠤ ᠲᠠᠭᠤᠰᠤᠮᠠᠭᠴᠠ ᠰᠤᠯᠢᠵᠤ ᠵᠡᠬᠦᠪᠡᠯ ᠰᠠᠶᠢᠨ᠃ | 5᠂ ᠦᠯᠢᠬᠡᠷ ᠠᠪᠤᠭᠤᠯᠬᠤ ᠪᠠᠷ ᠬᠦᠯᠢᠶᠡᠵᠦ ᠵᠤᠭᠰᠤᠬᠤ ᠳᠠᠭᠠᠨ ᠬᠦᠮᠦᠰ ᠤᠨ ᠬᠤᠭᠤᠷᠤᠨᠳᠤ ᠪᠠᠨ 1 | ᠮᠧᠲᠷ ᠤᠨ ᠵᠠᠶᠢᠳᠠᠢ ᠪᠠᠶᠢᠬᠤ ᠶᠢ ᠪᠠᠳᠤᠯᠠᠬᠤ ᠬᠡᠷᠡᠭᠳᠡᠢ᠃ | 6᠂ ᠡᠮᠦᠨᠡᠬᠢ ᠬᠦᠮᠦᠨ ᠴᠢᠨᠢ ᠦᠯᠢᠬᠡᠷ ᠠᠪᠴᠤ ᠲᠠᠭᠤᠰᠤᠭᠰᠠᠨ ᠤ ᠰᠡᠬᠦᠯᠡᠷ ᠰᠠᠭᠤᠳᠠᠯ ᠲᠡᠭᠡᠷ᠎ᠡ ᠨᠢ ᠤᠴᠢᠵᠤ | ᠰᠠᠭᠤᠬᠤ ᠶᠢ ᠶᠠᠭᠠᠷᠠᠵᠤ ᠪᠤᠯᠬᠤ ᠦᠬᠡᠢ᠂ ᠡᠮᠴᠢ ᠠᠴᠠ ᠭᠠᠷ ᠢᠶᠠᠨ ᠠᠷᠢᠭᠤᠳᠬᠠᠵᠤ ᠪᠠᠷᠠᠭᠠᠳ᠂ ᠰᠢᠨ᠎ᠠ ᠬᠦᠪᠤᠩᠳᠦ | ᠰᠢᠪᠠᠭ᠎ᠠ ᠶᠢ ᠪᠡᠯᠡᠳᠬᠡᠭᠰᠡᠨ ᠦᠶᠡᠰ ᠰᠠᠶ᠋ᠢ ᠪᠤᠰᠢᠭᠤ ᠤᠴᠢᠵᠤ ᠰᠠᠭᠤᠬᠤ ᠬᠡᠷᠡᠭᠳᠡᠢ᠃ | 7᠂ ᠪᠦᠬᠦ ᠠᠵᠢᠯᠳᠠᠳ ᠬᠠᠮᠳᠤ ᠶᠢᠨ ᠪᠦᠬᠡᠮ ᠬᠦᠴᠢᠯ ᠤᠨ ᠰᠢᠯᠭᠠᠨ ᠪᠠᠶᠢᠴᠠᠭᠠᠯᠳᠠ ᠬᠢᠬᠦ ᠦᠶᠡᠰ᠂ ᠬᠠᠮᠢᠶ᠎ᠠ | ᠪᠦᠬᠦᠢ ᠰᠤᠷᠠᠭ ᠵᠠᠩᠭᠢ ᠪᠠᠨ ᠤᠷᠢᠳᠴᠢᠯᠠᠨ ᠭᠠᠷ ᠤᠳᠠᠰᠤᠨ ᠲᠡᠭᠡᠷ᠎ᠡ ᠪᠠᠨ ᠪᠢᠴᠢᠬᠡᠳ ᠬᠦᠷᠪᠡᠯ ᠴᠠᠭ ᠲᠤ ᠠᠷᠪᠢᠳᠠᠢ᠃ | | 8᠂ ᠦᠯᠢᠬᠡᠷ ᠠᠪᠬᠤ ᠦᠶᠡᠰ᠂ ᠡᠮᠴᠢᠯᠡᠬᠡᠨ ᠤ ᠲᠠᠶᠢᠰᠠᠨ ᠳᠤ ᠭᠠᠷ ᠢᠶᠠᠨ ᠬᠦᠷᠬᠡᠵᠦ ᠪᠤᠯᠬᠤ ᠦᠬᠡᠢ᠂ | ᠲᠦᠯᠬᠢᠬᠦᠷ᠂ ᠭᠠᠷ ᠤᠳᠠᠰᠤ᠂ ᠪᠡᠶ᠎ᠡ ᠶᠢᠨ ᠦᠨᠡᠮᠯᠡᠯ ᠵᠡᠷᠬᠡ ᠶᠢ ᠡᠮᠴᠢᠯᠡᠬᠡᠨ ᠤ ᠲᠠᠶᠢᠰᠠᠨ ᠲᠡᠭᠡᠷ᠎ᠡ ᠲᠤᠷ᠎ᠠ ᠪᠠᠷ ᠢᠶᠠᠨ | ᠲᠠᠯᠪᠢᠵᠤ ᠪᠤᠯᠬᠤ ᠦᠬᠡᠢ᠃ | 9᠂ ᠦᠯᠢᠬᠡᠷ ᠠᠪᠬᠤ ᠶᠢᠨ ᠡᠮᠦᠨ᠎ᠡ ᠬᠤᠶᠢᠨ᠎ᠠ ᠭᠠᠷ ᠢᠶᠠᠨ ᠪᠦᠷ ᠰᠠᠶᠢᠳᠤᠷ ᠤᠬᠢᠶᠠᠵᠤ ᠠᠷᠢᠭᠤᠳᠬᠠᠬᠤ | ᠬᠡᠷᠡᠭᠳᠡᠢ᠃ | | | | | | |