ᠬᠢᠵᠢᠭ ᠭᠡᠴᠡᠬᠦᠦ᠂ ᠬᠢᠴᠢᠶᠡᠭᠰᠡᠨ ᠨᠢ ᠳᠡᠭᠡᠷ᠎ᠠ
ᠨᠡᠶᠢᠲᠡᠯᠡᠭᠰᠡᠨ ᠴᠠᠭ᠄
2021/12/30
                 ᠤᠷᠴᠢᠮ ᠪᠤᠯᠵᠤ ᠢᠷᠡᠭᠡᠳ ᠬᠢᠵᠢᠭ ᠤᠨ ᠪᠠᠶᠢᠳᠠᠯ ᠪᠠᠰᠠ ᠯᠠ ᠭᠡᠴᠡᠬᠦᠳᠡᠵᠤ ᠬᠦᠮᠤᠰ ᠢ ᠪᠠᠴᠢᠮᠳᠠᠭᠤᠯᠪᠠ᠃ ᠠᠭᠤᠷ ᠠᠮᠢᠰᠬᠤᠯ ‍ᠤᠨ‌ᠬᠤᠪᠢᠷᠠᠯᠳᠠ ᠪᠤᠶᠤ ᠬᠦᠮᠤᠰ ᠤᠨ ᠠᠶᠠᠯᠠᠨ ᠵᠤᠷᠴᠢᠬᠤ ᠶᠠᠪᠤᠳᠠᠯ ᠬᠢᠵᠢᠭ ᠢ ᠰᠡᠷᠭᠡᠶᠢᠯᠡᠬᠦ ᠠᠵᠢᠯ ᠳᠤ ᠭᠡᠴᠡᠬᠦᠦ ᠰᠢᠯᠭᠠᠯᠳᠠ ᠤᠴᠠᠷᠠᠭᠤᠯᠵᠤ ᠪᠤᠢ᠃ ︽ᠭᠠᠢ ᠭᠡᠭᠴᠢ ᠭᠠᠯᠬᠢᠵᠤ ᠢᠷᠡᠳᠡᠭ᠂ ᠭᠠᠯᠵᠠᠭᠤ ᠭᠡᠭᠴᠢ ᠬᠠᠰᠬᠢᠷᠴᠤ ᠢᠷᠡᠳᠡᠭ︾ ᠭᠡᠳᠡᠭᠴᠢᠯᠡᠨ᠂ ᠨᠢᠭᠡᠨ ᠵᠡᠷᠭᠡ ᠨᠠᠮ ᠵᠢᠮ ᠪᠠᠶᠢᠬᠰᠠᠨ ᠬᠢᠵᠢᠭ ᠤᠢᠢᠷᠠᠳᠬᠠᠨ ᠡᠵᠡᠨ᠎ᠠ ᠨᠤᠳᠤᠭ ᠤᠨ ᠳᠤᠤᠷᠠᠢ ᠶᠢᠨ ᠤᠢ ᠶᠢᠨ ᠭᠤᠶᠢᠳᠠ ᠦᠵᠡᠮᠵᠢ ᠶᠢ ᠰᠤᠨᠢᠷᠬᠠᠬᠤ ᠶᠢ ᠰᠠᠨᠠᠬᠰᠠᠨ ᠬᠦᠮᠤᠰ ᠤᠨ ᠴᠤᠬᠯᠠᠷᠠᠯ ᠢᠶᠠᠷ ᠲᠡᠭᠢᠨᠳᠠ ᠲᠡᠯᠭᠡᠷᠡᠵᠤ᠂ ᠬᠦᠮᠤᠨ ᠠᠷᠠᠳ ᠲᠤ ᠪᠠᠰᠠ ᠨᠢᠭᠡ ᠤᠳᠠᠭᠠᠨ ᠤ ᠰᠡᠷᠡᠮᠵᠢ ᠶᠢᠨ ᠬᠤᠨᠭ᠍ᠬᠤ ᠳᠤᠤᠭᠠᠷᠭᠠᠯ᠎ᠠ᠃  ᠬᠢᠵᠢᠭ ᠭᠡᠭᠴᠢ ᠬᠦᠮᠤᠨ ᠳᠦᠷᠦᠯᠬᠢᠳᠡᠨ ᠤ ᠤᠷᠤᠰᠢᠯ ᠳᠤᠬᠳᠠᠨᠢᠯ ᠢ ᠰᠦᠷᠳᠡᠬᠦᠯᠳᠡᠭ ᠭᠡᠴᠡᠬᠦᠦ ᠳᠠᠶᠢᠰᠤᠨ᠃ ᠦᠡᠭᠭᠡᠷᠡᠭᠰᠡᠨ ᠳᠤ ᠳᠡᠯᠭᠡᠷᠡᠵᠤ ᠦᠷᠪᠢᠰᠴᠤ ᠪᠠᠶᠢᠬᠰᠠᠨ ᠬᠤᠯᠤᠭᠠᠨ᠎ᠠ ᠶᠢᠨ ᠬᠢᠵᠢᠭ ᠨᠢ ᠠᠶᠢᠯ ᠳᠤᠰᠬᠤᠨ ᠢ ᠦᠭᠡᠶᠢᠷᠡᠬᠦᠯᠤᠨ ᠬᠤᠭᠤᠰᠤᠷᠠᠭᠤᠯᠤᠬᠰᠠᠨ ᠢ ᠨᠤᠮ ᠳᠡᠪᠳᠡᠷ᠂ ᠺᠢᠨᠣ᠋ ᠲᠧᠯᠸᠢᠰ ᠠᠴᠠ ᠦᠵᠡᠭᠰᠠᠨ ᠶᠤᠮ᠃ ᠬᠤᠷᠢᠨ ᠨᠢᠭᠡᠳᠤᠭᠡᠷ ᠵᠠᠭᠤᠨ ᠳᠤ ᠤᠷᠤᠭᠠᠳ ᠨᠡᠶᠢᠳᠡᠯᠢᠭ ᠪᠤᠰᠤ ᠠᠭᠤᠰᠬᠢᠨ ᠦᠷᠪᠢᠰᠤᠯ ᠤᠨ ᠬᠢᠵᠢᠭ ᠢ ᠪᠡᠶ᠎ᠠ ᠪᠠᠷ ᠢᠶᠠᠨ ᠦᠡᠭᠭᠡᠷᠡᠬᠦᠯᠵᠤ᠂ ᠠᠶᠤᠵᠤ ᠰᠤᠴᠢᠵᠤ ᠪᠠᠶᠢᠬᠰᠠᠨ ᠡᠳᠤᠷ ᠬᠤᠨᠤᠭ ᠤᠳ ᠢ ᠮᠠᠷᠳᠠᠮᠠᠷ ᠪᠤᠯᠵᠤ ᠪᠠᠶᠢᠳᠠᠯ᠎ᠠ ᠰᠢᠨ᠎ᠠ ᠳᠢᠳᠢᠮᠯᠢᠭ ᠠᠭᠤᠰᠬᠢᠨ ᠦᠷᠪᠢᠰᠤᠯ ᠭᠠᠵᠠᠷ ᠠᠪᠴᠤ᠂ ᠪᠦᠬᠦ ᠪᠦᠮᠪᠦᠷᠴᠡᠭ ᠤᠨ ᠬᠦᠮᠤᠨ ᠠᠷᠠᠳ ᠢ ᠰᠤᠴᠢᠭᠠᠪᠠ᠃ ᠬᠦᠮᠤᠰ ᠤᠨ ᠠᠵᠤ ᠠᠮᠢᠳᠤᠷᠠᠯ ᠨᠦᠯᠦᠭᠡᠯᠡᠭᠳᠡᠵᠤ᠂ ᠠᠮᠢ ᠨᠠᠰᠤᠨ ᠳᠤ ᠠᠶᠤᠯ ᠳᠦᠭᠰᠢᠬᠦᠷᠢ ᠤᠴᠠᠷᠠᠨ ᠂ ᠬᠠᠳᠠᠭᠤ ᠴᠠᠭ ᠦᠶ᠎ᠠ ᠪᠢᠳᠡᠨ ᠳᠤ ᠲᠤᠯᠭᠠᠷᠠᠯ᠎ᠠ᠃          ᠬᠢᠵᠢᠭ ᠭᠡᠭᠴᠢ ᠡᠨᠡ ᠬᠦ ᠨᠢᠬᠦᠯᠳᠤ ᠳᠠᠶᠢᠰᠤᠨ ᠨᠢᠳᠤ ᠨᠢᠭᠤᠷ ᠦᠭᠡᠢ ᠲᠠᠭᠠᠷᠢᠬᠤ ᠳᠤ᠂ ᠬᠦᠮᠤᠨ ᠲᠦᠷᠦᠯᠬᠢᠳᠡᠨ ᠶᠠᠮᠠᠷᠬᠠᠨ ᠤᠪᠤᠷ ᠪᠠᠶᠢᠳᠠᠯ ᠢᠶᠠᠷ ᠬᠠᠨᠳᠤᠬᠤ᠂ ᠶᠠᠭᠠᠬᠢᠵᠤ ᠰᠡᠷᠭᠡᠶᠢᠯᠡᠭᠦ ᠶᠢ ᠮᠠᠨ ᠤ ᠤᠯᠤᠰ ᠤᠨ ᠰᠢᠨ᠎ᠠ ᠳᠢᠳᠢᠮᠯᠢᠭ ᠠᠭᠤᠰᠬᠢᠨ ᠦᠷᠪᠢᠰᠤᠯ ᠤᠨ ᠬᠢᠵᠢᠭ ᠲᠠᠢ ᠳᠡᠮᠡᠴᠡᠭᠰᠡᠨ ᠤᠢᠢᠯᠡ ᠠᠵᠢᠯᠯᠠᠭ᠎ᠠ ᠳᠡᠯᠡᠭᠡᠢ ᠶᠢᠨ ᠤᠯᠠᠨ ᠤᠯᠤᠰ ᠲᠤ ᠬᠠᠨᠤᠮᠵᠢᠳᠠᠢ ᠬᠠᠷᠢᠭᠤᠯᠳᠠ ᠦᠭᠴᠤ᠂ ᠨᠠᠮ ᠵᠠᠰᠠᠭ ᠤᠨ ᠨᠢᠭᠡᠳᠤᠯᠳᠡᠢ ᠤᠳᠤᠷᠢᠳᠤᠯᠭ᠎ᠠ᠂ ᠳᠤᠮᠳᠠᠳᠤᠴᠤᠳ ᠤᠨ ᠦᠨᠳᠤᠷ ᠭᠡᠪ ᠪᠤᠯᠪᠠᠰᠤᠷᠠᠯ ᠨᠢ ᠤᠯᠠᠨ ᠨᠡᠶᠢᠳᠡ ᠶᠢᠨ ᠰᠠᠶᠢᠨ ᠦᠨᠡᠯᠡᠯᠳᠡ ᠶᠢ ᠤᠯᠵᠤ ᠪᠠᠶᠢᠨ᠎ᠠ᠃ ᠭᠡᠰᠡᠨ ᠴᠤ ᠤᠢᠢᠷ᠎ᠠ ᠶᠢᠨ ᠬᠤᠭᠤᠴᠠᠭᠠᠨ ᠳᠤ ᠵᠢᠷᠬᠢᠶ᠎ᠠ ᠬᠤᠯᠪᠤᠭ᠎ᠠ ᠪᠠᠷ ᠳᠠᠮᠵᠢᠬᠳᠠᠵᠤ ᠪᠠᠶᠢᠭ᠎ᠠ ᠪᠦᠭᠡᠮ ᠬᠦᠴᠢᠯ ᠤᠨ ᠰᠢᠯᠭᠠᠨ ᠪᠠᠶᠢᠴᠠᠭᠠᠯᠳᠠ ᠬᠢᠬᠦ ᠳᠤᠮᠳᠠ ᠵᠤᠳᠤᠯᠳᠠᠵᠤ ᠪᠠᠶᠢᠭ᠎ᠠ ᠦᠵᠡᠭᠳᠡᠯ᠂ ᠬᠢᠵᠢᠭ ᠤᠨ ᠢᠷᠡᠯᠳᠡ ᠨᠢ ᠪᠦᠭᠡᠮ ᠬᠦᠴᠢᠯ ᠤᠨ ᠰᠢᠯᠭᠠᠨ ᠪᠠᠶᠢᠴᠠᠭᠠᠯᠳᠠ ᠬᠢᠬᠦ ᠳᠤᠮᠳᠠ ᠪᠦᠭᠡᠮᠨᠡᠷᠡᠵᠤ ᠵᠤᠬᠰᠤᠬᠰᠠᠨ ᠠᠴᠠ ᠬᠠᠯᠳᠠᠪᠤᠷᠢᠯᠠᠬᠳᠠᠬᠰᠠᠨ ᠦᠵᠡᠭᠳᠡᠯ᠂ ᠵᠢᠭᠤᠯᠴᠢᠯᠠᠯ ᠤᠨ ᠤᠷᠤᠨ ᠳᠤ ᠬᠠᠰᠢᠬᠳᠠᠬᠰᠠᠨ ᠵᠤᠭᠠᠴᠠᠬᠴᠢ ᠬᠤᠭᠤᠯᠠ ᠪᠤᠳᠠᠭ᠎ᠠ ᠶᠢ ᠪᠦᠷᠢᠯᠭᠡᠨ ᠰᠦᠢᠳᠭᠡᠵᠤ ᠪᠠᠶᠢᠭ᠎ᠠ ᠦᠵᠡᠭᠳᠡᠯ ᠁ ᠵᠡᠷᠭᠡ ᠠᠯᠢ ᠤᠯᠠᠨ ᠶᠠᠪᠤᠳᠠᠯ ᠨᠢ ᠪᠢᠳᠠᠨ ᠢ ᠬᠦᠨ ᠪᠤᠳᠤᠯᠭᠠᠰᠢᠷᠠᠯ ᠳᠤ ᠤᠷᠤᠭᠤᠯᠤᠨ᠎ᠠ᠃        ᠬᠢᠵᠢᠭ ᠬᠠᠮᠢᠭ᠎ᠠ ᠠᠴᠠ ᠡᠬᠦᠰᠪᠡ︖ ᠡᠨᠡ ᠠᠰᠠᠭᠤᠳᠠᠯ ᠢ ᠭᠡᠨ ᠴᠤ ᠭᠡᠯᠡᠵᠤ ᠮᠡᠳᠡᠬᠦ ᠦᠭᠡᠢ᠃ ᠰᠢᠨᠵᠢᠯᠡᠬᠦ ᠤᠬᠠᠭᠠᠨᠴᠢ ᠪᠠᠶᠢᠴᠠᠭᠠᠨ ᠰᠤᠳᠤᠯᠤᠯᠳᠠ ᠪᠠᠷ ᠨᠤᠳᠠᠯᠠᠬᠰᠠᠨ ᠦᠭᠡᠢ ᠪᠤᠯ ᠠᠯᠢ ᠤᠯᠤᠰ᠂ ᠶᠠᠮᠠᠷ ᠬᠦᠮᠤᠨ ᠡᠬᠦᠨ ᠳᠤ ᠳᠤᠳᠤᠷᠬᠠᠢ ᠬᠠᠷᠢᠭᠤᠯᠳᠠ ᠦᠭᠴᠤ ᠴᠢᠳᠠᠬᠤ ᠦᠭᠡᠢ ᠨᠢ ᠯᠠᠪᠳᠠᠢ᠃ ᠭᠡᠬᠦ ᠳᠤ᠂ ᠤᠳᠠᠭ᠎ᠠ ᠳᠠᠷᠠᠭᠠᠯᠠᠨ ᠬᠢᠵᠢᠭ ᠳᠠᠷᠬᠠᠭᠠᠵᠤ ᠪᠠᠶᠢᠭ᠎ᠠ ᠠᠰᠠᠭᠤᠳᠠᠯ ᠢ ᠨᠠᠷᠢᠨ ᠪᠤᠳᠤᠯᠬᠢᠯᠠᠭᠤᠰᠢᠳᠠᠢ ᠪᠠᠶᠢᠨ᠎ᠠ᠃ ᠪᠢᠳᠡᠠ ᠤᠷᠤᠰᠢᠨ ᠳᠤᠬᠳᠠᠨᠢᠵᠤ ᠪᠠᠶᠢᠭ᠎ᠠ ᠪᠦᠮᠪᠦᠷᠴᠡᠭ ᠳᠡᠯᠡᠭᠡᠢ ᠪᠠᠨ ᠬᠠᠶᠢᠷᠠᠯᠠᠨ ᠬᠢᠮᠠᠭᠠᠳᠠᠶ᠎ᠠ᠂ ᠤᠷᠴᠢᠨ ᠳᠤᠭᠤᠷᠢᠨ ᠢᠶᠠᠨ ᠬᠠᠮᠠᠭᠠᠯᠠᠨ ᠵᠠᠰᠠᠶ᠎ᠠ᠂ ᠠᠮᠢᠳᠠᠨ ᠤᠷᠭᠤᠮᠠᠯ ᠢ ᠡᠩᠬᠦᠷᠡᠶᠢᠯᠠᠨ ᠨᠠᠨᠳᠢᠩᠨᠠᠶ᠎ᠠ᠂ ᠨᠡᠶᠢᠭᠡᠮ ᠤᠨ ᠶᠤᠰᠤ ᠳᠢᠭᠯᠢᠮ ᠢ ᠳᠠᠭᠠᠵᠤ ᠵᠢᠷᠤᠮᠯᠠᠶ᠎ᠠ᠂ ᠪᠠᠶᠢᠭᠠᠯᠢ ᠶᠢᠷᠳᠢᠨᠴᠤ ᠶᠢᠨ ᠵᠢᠮ᠎ᠠ ᠶᠤᠰᠤ ᠪᠠᠷ ᠠᠵᠤ ᠳᠦᠷᠤᠵᠤ ᠠᠮᠢᠳᠤᠷᠠᠵᠠᠭᠠᠶ᠎ᠠ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号