ᠴᠠᠰᠤ ᠲᠠᠢ ᠡᠳᠦᠷ ᠭᠠᠳᠠᠭᠰᠢ ᠭᠠᠷᠬᠤ ᠳᠤ ᠡᠳᠡᠭᠡᠷ ᠠᠷᠭ᠎ᠠ ᠲᠠᠨ ᠳᠤ ᠠᠮᠤᠷ ᠲᠦᠪᠰᠢᠨ ᠤ ᠪᠠᠳᠤᠯᠠᠭ᠎ᠠ ᠬᠠᠨᠭ᠍ᠭᠠᠨ᠎ᠠ
ᠨᠡᠶᠢᠲᠡᠯᠡᠭᠰᠡᠨ ᠴᠠᠭ᠄
2021/12/30
                       ᠶᠠᠪᠠᠭᠠᠨ ᠢᠶᠠᠷ ᠭᠠᠳᠠᠭᠰᠢ ᠭᠠᠷᠬᠤ ᠳᠤ᠄ ᠴᠠᠰᠤ ᠲᠠᠢ ᠡᠳᠦᠷ ᠵᠠᠮ ᠤᠨ ᠬᠠᠯᠳᠤᠷᠢᠭ᠎ᠠ ᠶᠡᠬᠡᠳᠡᠢ᠃ ᠭᠠᠳᠠᠭᠰᠢ ᠭᠠᠷᠬᠤ ᠳᠤ ᠬᠠᠯᠳᠤᠷᠢᠬᠤ ᠠᠴᠠ ᠰᠡᠷᠭᠡᠶᠢᠯᠡᠬᠦ ᠱᠠᠬᠠᠢ ᠪᠠᠨ ᠡᠮᠦᠰᠴᠦ ᠨᠠᠭᠠᠰᠢ ᠴᠠᠭᠠᠰᠢ ᠶᠠᠪᠤᠬᠤ ᠲᠡᠷᠭᠡ ᠠᠴᠠ ᠬᠢᠴᠢᠶᠡᠭᠡᠷᠡᠢ᠃          ᠲᠤᠭᠤᠢ ᠤᠨᠤᠵᠤ ᠭᠠᠳᠠᠭᠰᠢ ᠭᠠᠷᠬᠤ ᠳᠤ᠄ ᠲᠡᠷᠭᠡᠨ ᠬᠦᠷᠳᠦᠨ ᠤ ᠪᠠᠨ ᠬᠡᠢ ᠶᠢ ᠪᠠᠭ᠎ᠠ ᠲᠠᠯᠪᠢᠵᠤ᠂ ᠬᠦᠷᠳᠦ ᠪᠤᠯᠤᠨ ᠭᠠᠵᠠᠷ ᠤᠨ ᠭᠠᠳᠠᠷᠭᠤ ᠶᠢᠨ ᠦᠷᠦᠯᠳᠡ ᠶᠢᠨ ᠬᠦᠴᠦ ᠶᠢ ᠨᠡᠮᠡᠭᠳᠡᠬᠦᠯᠦᠨ᠎ᠡ᠃ ᠴᠠᠰᠤ ᠲᠠᠢ ᠪᠤᠶᠤ ᠴᠠᠰᠤ ᠨᠢ ᠬᠠᠶᠢᠯᠤᠭᠰᠠᠨ ᠵᠠᠮ ᠢ ᠰᠤᠩᠭᠤᠵᠤ ᠶᠠᠪᠤᠭᠠᠷᠠᠢ᠃      ᠲᠡᠷᠭᠡ ᠵᠢᠯᠤᠭᠤᠳᠴᠤ ᠶᠠᠪᠤᠬᠤ ᠠᠴᠠ ᠪᠠᠨ ᠡᠮᠦᠨ᠎ᠡ᠄ ᠲᠡᠷᠭᠡᠨ ᠲᠡᠭᠡᠷ᠎ᠡ ᠬᠤᠷᠠᠭᠰᠠᠨ ᠴᠠᠰᠤ ᠶᠢ ᠴᠡᠪᠡᠷᠯᠡᠵᠤ᠂ ᠲᠡᠷᠭᠡᠨ ᠳ᠋ᠧᠡᠭ᠂ ᠲᠤᠷᠮᠤᠰᠤᠯᠠᠭᠤᠷ᠂ ᠵᠠᠯᠠᠭᠤᠷ᠂ ᠪᠤᠯᠤ ᠶᠢᠨ ᠲᠠᠷᠤᠯᠳᠠ ᠵᠡᠷᠭᠡ ᠪᠠᠨ ᠪᠠᠶᠢᠴᠠᠭᠠᠭᠠᠷᠠᠢ᠃ ᠴᠠᠰᠤᠨ ᠳᠤ ᠬᠡᠷᠡᠭᠯᠡᠬᠦ ᠲᠤᠰᠬᠠᠢ ᠬᠦᠷᠳᠤ ᠰᠤᠯᠢᠵᠤ᠂ ᠬᠠᠮᠤᠭ ᠤᠨ ᠰᠠᠶᠢᠨ ᠨᠢ ᠭᠤᠯᠭᠤᠷᠢᠬᠤ ᠠᠴᠠ ᠰᠡᠷᠭᠡᠶᠢᠯᠡᠬᠦ ᠬᠢᠨᠵᠢ ᠪᠠ ᠴᠠᠰᠤ ᠠᠷᠢᠯᠭᠠᠬᠤ ᠬᠤᠰᠤᠭᠤᠷ ᠪᠡᠯᠡᠳᠭᠡᠭᠡᠷᠡᠢ᠃          ᠲᠡᠷᠭᠡ ᠵᠢᠯᠤᠭᠤᠳᠴᠤ ᠭᠠᠳᠠᠭᠰᠢ ᠭᠠᠷᠬᠤ ᠳᠤ᠄ ᠴᠢᠳᠠᠬᠤ ᠶᠢᠨ ᠬᠢᠷᠢ ᠪᠠᠷ ᠡᠮᠦᠨᠡᠬᠢ ᠲᠡᠷᠭᠡᠨ ᠤ ᠵᠠᠮ ᠢᠶᠠᠷ ᠶᠠᠪᠤᠵᠤ᠂ ᠲᠡᠷᠭᠡᠨ ᠤ ᠬᠤᠭᠤᠷᠤᠨᠳᠤᠬᠢ ᠵᠠᠢ ᠪᠠᠨ ᠠᠩᠬᠠᠷᠴᠤ᠂ ᠲᠤᠤᠷ᠎ᠠ ᠬᠤᠷᠳᠤᠴᠠ ᠪᠠᠷ ᠠᠭᠠᠵᠢᠮ ᠠᠶᠠᠯᠠᠭᠠᠷᠠᠢ᠃          ᠲᠡᠷᠭᠡ ᠮᠤᠷᠦ᠋ᠢᠬᠤ ᠦᠶᠡᠰ᠄ ᠠᠭᠠᠵᠢᠮᠬᠠᠨ ᠠᠶᠠᠯᠠᠵᠤ᠂ ᠮᠤᠷᠤᠢ ᠵᠠᠮ ᠲᠡᠭᠡᠷ᠎ᠡ ᠪᠢᠳᠡᠭᠡᠢ ᠲᠤᠷᠮᠤᠰᠤᠯᠠᠭᠠᠷᠠᠢ᠂ ᠠᠮᠠᠷᠬᠠᠨ ᠬᠠᠵᠠᠭᠤ ᠲᠡᠶᠢᠰᠢ ᠪᠠᠨ ᠬᠠᠯᠳᠤᠷᠢᠨ᠎ᠠ᠃          ᠲᠡᠷᠭᠡ ᠬᠠᠯᠳᠤᠷᠢᠬᠤ ᠦᠶᠡᠰ᠄ ᠲᠤᠷᠮᠤᠰᠤᠯᠠᠭᠤᠷ ᠢᠶᠠᠨ ᠯᠠᠪᠳᠠᠭᠤᠨ ᠬᠢᠰᠬᠢᠵᠤ᠂ ᠵᠠᠯᠠᠭᠤᠷ ᠢᠶᠠᠨ ᠲᠤᠭᠳᠠᠭᠤᠨ ᠪᠠᠶᠢᠯᠭ᠎ᠠ᠃ ᠶᠠᠭᠠᠷᠠᠭᠠᠳ ᠵᠡᠭᠦᠨᠰᠢ ᠪᠠᠷᠠᠭᠤᠨᠰᠢ ᠪᠠᠨ ᠰᠠᠵᠢᠵᠤ ᠲᠤᠷᠮᠤᠰᠤᠯᠠᠭᠤᠷ ᠢᠶᠠᠨ ᠤᠭᠵᠤᠮ ᠬᠢᠰᠬᠢᠬᠦ ᠠᠴᠠ ᠵᠠᠶᠢᠯᠠᠰᠬᠢᠬᠦ ᠬᠡᠷᠡᠭᠳᠡᠢ᠃        ᠴᠠᠰᠤᠨ ᠳᠤ ᠰᠢᠬᠢᠳᠪᠡᠯ ᠶᠠᠭᠠᠬᠢᠬᠤ ᠪᠤᠢ︖ ᠡᠷᠬᠢᠨ ᠲᠤᠭᠤᠷᠢᠨ ᠤ ᠴᠠᠰᠤ ᠶᠢ ᠠᠷᠢᠯᠭᠠᠵᠤ᠂ ᠪᠤᠯᠤ ᠶᠢᠨ ᠲᠤᠤᠷ᠎ᠡ ᠰᠢᠷᠤᠢ ᠲᠡᠪᠢᠰᠴᠤ᠂ ᠲᠡᠭᠡᠷ᠎ᠡ ᠨᠢ ᠬᠤᠪᠴᠠᠰᠤ ᠬᠤᠨᠠᠷ᠂ ᠮᠤᠳᠤ ᠲᠡᠪᠢᠰᠦᠨ ᠦᠷᠦᠯᠳᠡ ᠶᠢᠨ ᠬᠦᠴᠦ ᠶᠢ ᠨᠢ ᠨᠡᠮᠡᠭᠳᠡᠬᠦᠯᠦᠨ᠎ᠡ᠃ ᠤᠷᠢᠳ ᠢᠶᠠᠷ ᠲᠡᠷᠭᠡ ᠪᠠᠨ ᠪᠠᠭ᠎ᠠ ᠤᠬᠤᠷᠢᠭᠤᠯᠵᠤ᠂ ᠲᠡᠬᠢᠨ ᠲᠤᠰᠤ ᠪᠠᠨ ᠦᠭᠴᠤ ᠰᠢᠷᠦᠬᠦᠨ ᠬᠢᠰᠬᠢᠨ ᠲᠠᠭᠠᠷᠢᠨ᠎ᠠ  ᠃      ᠴᠠᠰᠤ ᠲᠠᠢ ᠡᠳᠦᠷ ᠲᠡᠷᠭᠡ ᠵᠢᠯᠤᠭᠤᠳᠬᠤ ᠳᠤ ᠪᠤᠰᠤᠳ ᠠᠩᠬᠠᠷᠬᠤ ᠵᠦᠢᠯᠡᠰ᠄ ᠡᠳᠦᠷ ᠢᠶᠠᠷ ᠴᠤ ᠬᠡᠰᠡᠨ ᠳ᠋ᠧᠡᠭ ᠢᠶᠠᠨ ᠨᠤᠴᠤᠭᠠᠬᠤ ᠶᠢ ᠰᠠᠨᠠᠭᠤᠯᠤᠶ᠎ᠠ᠃ ᠭᠡᠷᠪᠡ ᠰᠠᠯᠬᠢ ᠰᠢᠭᠤᠷᠭᠠᠨ ᠶᠡᠭᠡ ᠪᠤᠯ ᠬᠠᠮᠤᠭ ᠤᠨ ᠰᠠᠶᠢᠨ ᠨᠢ ᠡᠮᠦᠨ᠎ᠡ ᠬᠤᠶᠢᠨᠠᠬᠢ ᠮᠠᠨᠠᠨ ᠤ ᠳ᠋ᠧᠡᠭ ᠢᠶᠠᠨ ᠪᠦᠬᠦᠨ ᠢ ᠨᠤᠴᠤᠭᠠᠭᠠᠷᠠᠢ᠃
 
ᠢᠷᠡᠯᠲᠡ᠄ ᠦᠪᠦᠷ ᠮᠤᠩᠭᠤᠯ ᠤᠨ ᠡᠳᠦᠷ ᠤᠨ ᠰᠤᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号