ᠢᠳᠡᠰᠢᠨ ᠨᠤᠭᠤᠭ᠎ᠠ ᠲᠡᠭᠡᠷᠡᠬᠢ ᠬᠢᠮᠢ ᠶᠢᠨ ᠡᠮ ᠢ ᠬᠡᠷᠬᠢᠨ ᠠᠷᠢᠯᠭᠠᠬᠤ ᠪᠤᠢ︖
ᠨᠡᠶᠢᠲᠡᠯᠡᠭᠰᠡᠨ ᠴᠠᠭ᠄
2021/12/30
                                               ᠤᠳᠤ ᠨᠤᠭᠤᠭ᠎ᠠ ᠲᠠᠷᠢᠶ᠎ᠠ ᠲᠠᠷᠢᠬᠤ ᠳᠤ ᠬᠢᠮᠢ ᠶᠢᠨ ᠪᠤᠷᠳᠤᠭᠤᠷ ᠬᠡᠷᠡᠭᠯᠡᠬᠦ ᠪᠤᠶᠤ ᠪᠠᠰᠠ ᠲᠠᠷᠢᠶᠠᠨ ᠡᠮ ᠰᠠᠴᠤᠵᠤ ᠦᠳᠦ ᠬᠤᠷᠤᠬᠠᠢ ᠶᠢ ᠲᠠᠷᠤᠬᠤ ᠦᠵᠡᠭᠳᠡᠯ ᠠᠷᠪᠢᠨ ᠤᠷᠤᠰᠢᠵᠦ ᠪᠠᠶᠢᠳᠠᠭ᠃ ᠡᠶᠢᠮᠦ ᠠᠴᠠ ᠢᠳᠡᠰᠢᠨ ᠨᠤᠭᠤᠭ᠎ᠠ ᠳᠤ ᠬᠢᠮᠢ ᠶᠢᠨ ᠪᠤᠷᠳᠤᠭᠤᠷ᠂ ᠲᠠᠷᠢᠶᠠᠨ ᠡᠮ ᠠᠭᠤᠯᠤᠭᠳᠠᠵᠤ ᠪᠠᠶᠢᠬᠤ ᠨᠢ ᠲᠠᠮᠵᠢᠭ ᠦᠬᠡᠢ᠃ ᠡᠬᠦᠨ ᠢ ᠰᠠᠶᠢᠳᠤᠷ ᠴᠡᠪᠡᠷᠯᠡᠨ ᠡᠰᠡ ᠴᠢᠳᠠᠪᠠᠰᠤ ᠪᠡᠶ᠎ᠡ ᠮᠠᠬᠠᠪᠤᠳ ᠲᠤ ᠵᠤᠬᠢᠰ ᠦᠬᠡᠢ ᠨᠦᠯᠦᠬᠡ ᠦᠵᠡᠬᠦᠯᠬᠦ ᠪᠤᠯᠤᠨ᠎ᠠ᠃ ᠡ᠊ᠨᠳᠡ ᠴᠡᠪᠡᠷᠯᠡᠬᠦ ᠠᠷᠭ᠎ᠠ ᠠᠴᠠ ᠲᠦᠬᠦᠮ ᠲᠠᠨᠢᠯᠴᠠᠭᠤᠯᠤᠶ᠎ᠠ᠃ ᠠᠩᠬᠠᠷᠤᠯ ᠳᠠᠭᠠᠨ ᠠᠪᠬᠤ ᠪᠤᠯᠪᠠᠤ︕        ᠨᠢᠬᠡ᠂ ᠤᠰᠤ ᠪᠠᠷ ᠤᠬᠢᠶᠠᠬᠤ ᠶᠡᠷᠦ ᠶᠢᠨ ᠨᠤᠭᠤᠭ᠎ᠠ ᠶᠢ ᠴᠡᠪᠡᠷ ᠤᠰᠤ ᠪᠠᠷ 3 — 5 ᠤᠳᠠᠭ᠎ᠠ ᠤᠬᠢᠶᠠᠭᠰᠠᠨ ᠤ ᠲᠠᠷᠠᠭ᠎ᠠ ᠲᠠᠬᠢᠵᠤ ᠪᠠᠭ᠎ᠠ ᠰᠠᠭ᠎ᠠ ᠲᠠᠪᠤᠰᠤ ᠲᠠᠢ ᠤᠰᠤ ᠪᠠᠷ ᠨᠢᠬᠡ ᠤᠳᠠᠭ᠎ᠠ ᠵᠠᠶᠢᠯᠠᠵᠤ ᠤᠬᠢᠶᠠᠨ᠎ᠠ᠃ ᠡᠬᠦᠨ ᠳᠤ ᠪᠦᠬᠡᠷᠡᠩᠭᠡᠢ ᠴᠠᠭᠠᠨ ᠨᠤᠭᠤᠭ᠎ᠠ ᠶᠢ ᠲᠤᠮᠳᠠᠭᠤᠷ ᠨᠢ ᠬᠡᠷᠴᠢᠵᠤ ᠴᠡᠪᠡᠷ ᠤᠰᠤᠨ ᠳᠤ 1 — 2 ᠤᠳᠠᠭ᠎ᠠ ᠲᠡᠪᠳᠦᠬᠡᠵᠦ ᠤᠬᠢᠶᠠᠨ᠎ᠠ᠃ ᠲᠠᠪᠤᠰᠤ ᠲᠠᠢ ᠤᠰᠤ ᠪᠠᠷ ᠤᠬᠢᠶᠠᠪᠠᠯ ᠨᠤᠭᠤᠭ᠎ᠠ ᠶᠢᠨ ᠲᠤᠲᠤᠷᠠᠬᠢ ᠦᠳᠦ ᠬᠤᠷᠤᠬᠠᠢ ᠶᠢ ᠬᠢᠯᠪᠠᠷ ᠭᠠᠷᠭᠠᠳᠠᠭ ᠶᠤᠮ᠃         ᠬᠤᠶᠠᠷ᠂ ᠬᠤᠵᠢᠷ ᠢᠶᠠᠷ ᠤᠬᠢᠶᠠᠬᠤ  ᠤᠰᠤᠨ ᠳᠠᠭᠠᠨ ᠤᠷᠢᠳ ᠢᠶᠠᠷ ᠪᠠᠭ᠎ᠠ ᠰᠠᠭ᠎ᠠ ᠬᠤᠵᠢᠷ ᠬᠢᠵᠤ ᠬᠤᠳᠬᠤᠭᠰᠠᠨ ᠤ ᠲᠠᠷᠠᠭ᠎ᠠ ᠨᠤᠭᠤᠭ᠎ᠠ ᠪᠠᠨ ᠬᠢᠵᠤ 5 — 6 ᠮᠢᠨᠦ᠋ᠲ ᠲᠡᠪᠳᠦᠬᠡᠨ᠎ᠡ᠃ ᠲᠠᠷᠠᠭ᠎ᠠ ᠨᠢ ᠴᠡᠪᠡᠷ ᠤᠰᠤ ᠪᠠᠷ ᠰᠡᠶᠢᠨ ᠵᠠᠶᠢᠯᠠᠵᠤ ᠤᠬᠢᠶᠠᠨ᠎ᠠ᠃ ᠬᠡᠷᠪᠡ ᠬᠤᠵᠢᠷ ᠦᠬᠡᠢ ᠪᠤᠯ ᠰᠤᠳᠠ ᠪᠠᠷ ᠤᠷᠤᠯᠠᠭᠤᠯᠤᠭᠰᠠᠨ ᠴᠤ ᠪᠤᠯᠤᠨ᠎ᠠ᠃ ᠬᠡᠬᠦ ᠳᠡᠭᠡᠨ ᠤᠳᠠᠭᠠᠨ ᠰᠢᠭ᠋ ᠲᠡᠪᠳᠦᠬᠡᠪᠡᠯ ᠰᠡᠶᠢᠨ ᠪᠠᠶᠢᠳᠠᠭ᠃           ᠭᠤᠷᠪᠠ᠂ ᠤᠬᠢᠶᠠᠯᠭ᠎ᠠ ᠶᠢᠨ ᠡᠳ᠋ ᠢᠶᠠᠷ ᠤᠬᠢᠶᠠᠬᠤ 3000 ᠲᠠᠬᠢᠨ ᠢᠶᠠᠷ ᠰᠢᠩᠭᠡᠯᠡᠭᠰᠡᠨ ᠤᠬᠢᠶᠠᠯᠭ᠎ᠠ ᠶᠢᠨ ᠡᠳ᠋ ᠲᠠᠢ ᠤᠰᠤᠨ ᠳᠤ ᠨᠢᠬᠡ ᠤᠳᠠᠭ᠎ᠠ ᠤᠬᠢᠶᠠᠭᠰᠠᠨ ᠤ ᠲᠠᠷᠠᠭ᠎ᠠ ᠲᠠᠬᠢᠵᠤ ᠴᠡᠪᠡᠷ ᠤᠰᠤᠨ ᠳᠤ 2 ᠤᠳᠠᠭ᠎ᠠ ᠰᠡᠶᠢᠨ ᠵᠠᠶᠢᠯᠠᠵᠤ ᠤᠬᠢᠶᠠᠪᠠᠯ ᠨᠤᠭᠤᠭ᠎ᠠ ᠶᠢᠨ ᠲᠡᠭᠡᠷᠡᠬᠢ ᠡᠪᠡᠳᠴᠢᠨ ᠤ ᠪᠠᠺᠲ᠋ᠧᠷᠢ᠂ ᠦᠳᠦ ᠬᠤᠷᠤᠬᠠᠢ ᠶᠢ ᠴᠡᠪᠡᠷᠯᠡᠵᠦ ᠴᠢᠳᠠᠨ᠎ᠠ᠃           ᠲᠦᠷᠪᠡ᠂ ᠬᠠᠯᠢᠰᠦ ᠶᠢ ᠨᠢ ᠠᠷᠢᠯᠭᠠᠬᠤ ᠢᠳᠡᠰᠢᠨ ᠨᠤᠭᠤᠭ᠎ᠠ ᠶᠢᠨ ᠭᠠᠳᠠᠨᠠᠬᠢ ᠦᠡᠭᠭᠡᠨ ᠲᠠᠯ᠎ᠠ ᠳᠠᠬᠢ ᠡᠯᠳᠡᠪ ᠡᠳ᠋ ᠨᠢ ᠲᠠᠷᠢᠶᠠᠨ ᠡᠮ ᠢ ᠬᠢᠯᠪᠠᠷᠬᠠᠨ ᠰᠢᠩᠭᠡᠭᠡᠨ ᠠᠪᠳᠠᠭ ᠲᠤᠯᠠ ᠬᠠᠯᠢᠰᠤ ᠶᠢ ᠨᠢ ᠠᠷᠢᠯᠭᠠᠵᠤ ᠪᠤᠯᠬᠤ ᠨᠤᠭᠤᠭ᠎ᠠ ᠶᠢ ᠠᠯᠢ ᠪᠤᠯᠬᠤ ᠪᠠᠷ ᠬᠠᠯᠢᠰᠤᠯᠠᠵᠤ ᠠᠷᠢᠯᠭᠠᠭᠠᠳ ᠢᠳᠡᠪᠡᠯ ᠰᠡᠶᠢᠨ ᠶᠤᠮ᠃         ᠲᠠᠪᠤ᠂ ᠪᠤᠷᠤᠯᠠᠭᠤᠯᠵᠤ ᠢᠳᠡᠬᠦ ᠵᠠᠷᠢᠮ ᠴᠢᠨᠠᠵᠤ ᠪᠤᠷᠤᠯᠠᠭᠤᠯᠵᠤ ᠪᠤᠯᠬᠤ ᠨᠤᠭᠤᠭ᠎ᠠ ᠶᠢ ᠬᠠᠮᠤᠭ ᠤᠨ ᠰᠡᠶᠢᠨ ᠨᠢ ᠤᠷᠢᠳ ᠢᠶᠠᠷ ᠪᠤᠴᠠᠯᠤᠭᠰᠠᠨ ᠤᠰᠤᠨ ᠳᠤ ᠬᠢᠵᠤ ᠭᠠᠷᠭᠠᠭᠠᠳ ᠢᠳᠡᠪᠡᠯ ᠵᠤᠬᠢᠨ᠎ᠠ᠃ ᠢᠡᠭᠭᠢᠪᠡᠯ ᠨᠤᠭᠤᠭ᠎ᠠ ᠶᠢᠨ ᠲᠡᠭᠡᠷᠡᠬᠢ ᠡᠮ ᠤᠨ ᠦᠯᠡᠳᠡᠭᠳᠡᠯ ᠤᠨ 90%᠎ ᠶᠢ ᠠᠷᠢᠯᠭᠠᠨ ᠴᠡᠪᠡᠷᠯᠡᠵᠦ ᠴᠢᠳᠠᠨ᠎ᠠ᠃         ᠵᠢᠷᠭᠤᠭ᠎ᠠ᠂ ᠨᠦᠬᠡᠴᠡᠯᠡᠵᠦ ᠬᠠᠳᠠᠭᠠᠯᠠᠬᠤ ᠨᠦᠬᠡᠴᠡᠯᠡᠵᠦ ᠬᠠᠳᠠᠭᠠᠯᠠᠵᠤ ᠪᠤᠯᠬᠤ ᠨᠤᠭᠤᠭ᠎ᠠ ᠶᠢ ᠨᠢᠬᠡ ᠬᠤᠭᠤᠴᠠᠭ᠎ᠠ ᠬᠠᠳᠠᠭᠠᠯᠠᠪᠠᠯ ᠠᠭᠠᠷ ᠤᠨ ᠲᠤᠲᠤᠷᠠᠬᠢ ᠬᠦᠴᠢᠯᠳᠦ᠋ᠷᠦᠭᠴᠢ ᠪᠤᠯᠤᠨ ᠢᠰᠦᠯ ᠵᠡᠷᠬᠡ ᠪᠤᠳᠠᠰ ᠨᠢ ᠦᠯᠡᠳᠡᠭᠳᠡᠯ ᠲᠠᠷᠢᠶᠠᠨ ᠡᠮ ᠢ ᠵᠠᠳᠠᠷᠠᠭᠤᠯᠵᠤ ᠨᠤᠭᠤᠭ᠎ᠠ ᠶᠢᠨ ᠲᠡᠭᠡᠷᠡᠬᠢ ᠲᠠᠷᠢᠶᠠᠨ ᠡᠮ ᠤᠨ ᠬᠡᠮᠵᠢᠶ᠎ᠡ ᠶᠢ ᠪᠠᠭᠠᠰᠬᠠᠵᠤ ᠴᠢᠳᠠᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号