ᠶᠠᠭᠠᠬᠢᠵᠤ ᠬᠡᠪᠲᠡᠪᠡᠯ ᠨᠠᠩ ᠰᠠᠶᠢᠨ ᠠᠮᠠᠷᠠᠵᠤ ᠴᠢᠳᠠᠬᠤ ᠪᠣᠶ
ᠨᠡᠶᠢᠲᠡᠯᠡᠭᠰᠡᠨ ᠴᠠᠭ᠄
2021/12/30
                                                             ᠵᠠᠷᠢᠮ ᠦᠶ᠎ᠡ ᠳᠤ ᠤᠨᠲᠠᠭᠠᠳ ᠰᠡᠷᠢᠬᠦ ᠳᠤ ᠶᠠᠳᠠᠷᠠᠭ᠎ᠠ ᠴᠢᠯᠡᠭᠡ ᠲᠠᠶᠢᠯᠤᠭᠳᠠᠭᠰᠠᠨ ᠥᠬᠡᠶ ᠮᠥᠷᠲᠡᠭᠡᠨ ᠭᠡᠳᠡᠷᠭᠦ ᠪᠠᠨ ᠪᠦᠬᠦ ᠪᠡᠶ᠎ᠡ ᠬᠥᠰᠢᠵᠦ᠂ ᠬᠦᠵᠦᠭᠦᠤ ᠨᠢᠷᠤᠭᠤ ᠡᠪᠡᠳᠳᠡᠭ᠃      ᠡᠨᠡ ᠨᠢ ᠶᠠᠭᠤᠨ ᠠᠴᠠ ᠪᠣᠯᠤᠭᠰᠠᠨ ᠪᠣᠯ︖     ᠡᠯᠢᠭᠡᠳᠡᠵᠦ ᠬᠡᠪᠲᠡᠬᠦ ᠨᠢ ᠨᠢᠷᠤᠭᠤᠨ ᠳᠤ ᠮᠠᠭᠤ᠃ ᠵᠠᠷᠢᠮ ᠬᠥᠮᠦᠨ ᠤᠨᠲᠠᠬᠤ ᠠᠴᠠ ᠪᠠᠨ ᠡᠮᠦᠨ᠎ᠡ ᠡᠯᠢᠭᠡᠳᠡᠵᠦ ᠬᠡᠪᠲᠡᠭᠡᠳ ᠨᠣᠮ ᠦᠵᠡᠬᠦ ᠪᠤᠶᠤ ᠭᠠᠷ ᠤᠲᠠᠰᠦ ᠨᠠᠭᠠᠳᠴᠦ᠂ ᠨᠦᠢᠷ ᠭᠦᠷᠪᠡᠯ ᠲᠡᠷᠡ ᠬᠡᠪ ᠢᠶᠠᠷ ᠢᠶᠠᠨ ᠤᠨᠲᠠᠴᠢᠬᠠᠳᠠᠭ᠃ ᠪᠠᠭ᠎ᠠ ᠳᠤᠭᠬᠢᠭᠠᠳ ᠠᠪᠤᠪᠠᠯ ᠴᠦ ᠶᠠᠭᠠᠬᠢᠬᠤᠪ᠂ ᠬᠠᠷᠢᠨ ᠰᠥᠨᠢᠵᠢᠨ ᠢᠩᠭᠢᠭᠡᠳ ᠤᠨᠲᠠᠬᠤ ᠶᠤᠮ ᠪᠣᠯ ᠰᠡᠷᠡᠭᠰᠡᠨ ᠤ ᠳᠠᠷᠠᠭ᠎ᠠ ᠬᠦᠵᠦᠭᠦᠤ ᠨᠢᠷᠤᠭᠤ ᠡᠪᠡᠳᠴᠦ ᠮᠡᠳᠡᠨ᠎ᠡ᠃ ᠤᠴᠢᠷ ᠨᠢ ᠡᠯᠢᠭᠡᠳᠡᠵᠦ ᠬᠡᠪᠲᠡᠬᠦ ᠨᠢ ᠰᠡᠭᠡᠷ ᠪᠠ ᠨᠢᠷᠤᠭᠤᠨ ᠤ ᠬᠡᠪ ᠤᠨ ᠪᠠᠶᠢᠳᠠᠯ ᠢ ᠨᠥᠯᠥᠭᠡᠯᠡᠵᠦ᠂ ᠨᠤᠮᠤᠯᠵᠢᠨ ᠬᠡᠯᠪᠡᠷᠢ ᠲᠠᠢ ᠪᠤᠯᠵᠦ᠂ ᠬᠦᠵᠦᠭᠦᠤ ᠪᠠᠨ ᠪᠠᠰᠠ ᠨᠢᠭᠡ ᠲᠡᠶᠢᠰᠢ ᠪᠠᠨ ᠬᠡᠯᠪᠠᠶᠢᠯᠭᠡᠳᠡᠭ ᠪᠤᠯᠬᠤᠷ ᠠᠮᠢᠰᠬᠤᠬᠤ ᠳᠤ ᠲᠥᠬᠦᠮ ᠦᠬᠡᠢ ᠪᠠᠶᠢᠳᠠᠭ᠃ ᠠᠲᠤᠷᠢᠵᠤ ᠬᠡᠪᠲᠡᠬᠦ ᠨᠢ ᠨᠢᠷᠤᠭᠤᠨ ᠳᠤ ᠮᠠᠭᠤ᠃ ᠵᠠᠷᠢᠮ ᠬᠥᠮᠦᠨ ᠳᠠᠭᠠᠷᠠᠭᠰᠠᠭᠠᠷ ᠬᠥᠨᠵᠢᠯᠡ ᠳᠡᠭᠡᠨ ᠰᠢᠷᠭᠤᠵᠤ ᠠᠲᠤᠷᠢᠵᠤ ᠬᠡᠪᠲᠡᠳᠡᠭ᠂ ᠢᠩᠭᠢᠵᠦ ᠤᠷᠲᠦ ᠬᠤᠭᠤᠴᠠᠭ᠎ᠠ ᠪᠠᠷ ᠬᠡᠪᠲᠡᠪᠡᠯ ᠨᠢᠷᠤᠭᠤ ᠱᠠᠷᠬᠢᠷᠠᠨ ᠡᠪᠡᠳᠦᠨ᠎ᠡ᠃ ᠤᠴᠢᠷ ᠨᠢ ᠠᠲᠤᠷᠢᠵᠤ ᠬᠡᠪᠲᠡᠬᠦ ᠨᠢ ᠪᠥᠭᠲᠦ᠋ᠢᠭᠰᠡᠨ ᠲᠠᠢ ᠠᠳᠠᠯᠢ ᠪᠠᠶᠢᠵᠦ᠂ ᠨᠢᠷᠤᠭᠤ ᠪᠤᠯᠴᠢᠩ ᠪᠦᠷᠢᠮᠦᠰᠦᠨ ᠲᠠᠯᠪᠢᠭᠳᠠᠵᠤ ᠴᠢᠳᠠᠬᠤ ᠥᠬᠡᠶ ᠮᠥᠷᠲᠡᠭᠡᠨ ᠤᠯᠠᠮ ᠴᠢᠯᠡᠭᠡᠷᠬᠡᠵᠦ ᠨᠢᠷᠤᠭᠤ ᠱᠠᠷᠬᠢᠷᠠᠨ ᠡᠪᠡᠳᠳᠡᠭ᠃    ᠲᠡᠭᠡᠪᠡᠯ ᠶᠠᠭᠠᠬᠢᠵᠤ ᠬᠡᠪᠲᠡᠪᠡᠯ ᠵᠣᠬᠢᠬᠤ ᠪᠣᠶ︖ ᠲᠡᠭᠡᠭᠰᠢ ᠬᠠᠷᠠᠵᠤ ᠬᠡᠪᠲᠡᠪᠡᠯ ᠬᠤᠷᠳᠤᠨ ᠤᠨᠲᠠᠳᠠᠭ᠃ ᠳᠡᠭᠡᠭᠰᠢ ᠬᠠᠷᠠᠵᠤ ᠲᠡᠭᠰᠢᠬᠡᠨ ᠬᠡᠪᠲᠡᠪᠡᠯ ᠨᠢᠷᠤᠭᠤ ᠬᠦᠵᠦᠭᠦᠨ ᠤ ᠪᠤᠯᠴᠢᠩ ᠰᠤᠯᠠᠷᠠᠵᠤ᠂ ᠴᠢᠯᠡᠭᠡ ᠲᠠᠶᠢᠯᠤᠭᠳᠠᠨ ᠪᠡᠶ᠎ᠡ ᠰᠡᠳᠬᠢᠯ ᠲᠠᠶᠢᠪᠤᠰᠢᠷᠠᠵᠤ ᠬᠤᠷᠳᠤᠨ ᠤᠨᠲᠠᠵᠤ ᠴᠢᠳᠠᠳᠠᠭ᠃ ᠡᠪᠦᠳᠦᠭ ᠳᠣᠤᠷ᠎ᠠ ᠪᠠᠨ ᠳᠡᠷ᠎ᠡ ᠪᠤᠶᠤ ᠳᠡᠪᠢᠰᠬᠡᠷ ᠲᠠᠯᠪᠢᠵᠤ ᠬᠡᠪᠲᠡᠪᠡᠯ ᠨᠢᠷᠤᠭᠤ ᠪᠠ ᠰᠡᠭᠡᠷ ᠤᠨ ᠡᠷᠡᠭᠦᠯ ᠮᠡᠨᠳᠦ ᠳᠤ ᠠᠰᠢᠬᠲᠠᠢ ᠪᠥᠭᠡᠳ ᠨᠢᠷᠤᠭᠤ ᠡᠪᠡᠳᠬᠦ ᠶᠢ ᠰᠡᠷᠭᠡᠶᠢᠯᠡᠬᠦ ᠪᠤᠶᠤ ᠨᠠᠮᠳᠠᠭᠠᠳᠠᠭ᠂ ᠬᠠᠵᠠᠭᠤᠯᠠᠵᠤ ᠬᠡᠪᠲᠡᠬᠦ ᠳᠡᠭᠡᠨ ᠳᠡᠷ᠎ᠡ ᠶᠢᠨ ᠨ᠋ᠦᠨᠳᠦᠷ ᠢ ᠨᠢᠳᠤᠷᠭ᠎ᠠ ᠶᠢᠨ ᠬᠢᠷᠢ ᠪᠠᠶᠢᠯᠭᠠᠪᠠᠯ ᠪᠣᠯᠴᠢᠬᠠᠨ᠎ᠠ᠃ ᠬᠡᠲᠦ ᠥᠨᠳᠥᠷ ᠪᠤᠶᠤ ᠬᠡᠲᠦ ᠳᠣᠤᠷ᠎ᠠ ᠳᠡᠷᠡᠯᠡᠬᠦ ᠥᠬᠡᠶ ᠪᠤᠯ ᠰᠠᠶᠢᠨ᠃     ᠳᠣᠤᠷᠠᠬᠢ ᠭᠤᠷᠪᠠᠨ ᠵᠦᠢᠯ ᠤᠨ ᠬᠥᠮᠦᠨ ᠬᠠᠵᠠᠭᠤᠯᠠᠵᠤ ᠬᠡᠪᠲᠡᠪᠡᠯ ᠰᠠᠶᠢᠨ᠄     ᠨᠢᠭᠡ᠂ ᠬᠠᠮᠠᠷ ᠲᠠᠲᠠᠳᠠᠭ ᠬᠥᠮᠦᠨ ᠳᠡᠭᠡᠭᠰᠢ ᠬᠠᠷᠠᠵᠤ ᠬᠡᠪᠲᠡᠪᠡᠯ ᠠᠮᠠ ᠠᠮᠠᠷᠬᠠᠨ ᠠᠩᠭᠠᠶᠢᠵᠤ᠂ ᠬᠡᠯᠡ ᠮᠠᠲᠠᠶᠢᠳᠠᠭ ᠠᠴᠠ ᠠᠮᠢᠰᠬᠤᠯ ᠤᠨ ᠵᠠᠮ ᠢ ᠬᠠᠷᠰᠢᠯᠠᠵᠦ᠂ ᠬᠠᠮᠠᠷ ᠲᠠᠲᠠᠬᠤ ᠨᠢ ᠠᠬᠠᠳᠠᠳᠠᠭ᠃ ᠬᠠᠷᠢᠨ ᠬᠠᠵᠠᠭᠤᠯᠠᠵᠤ ᠬᠡᠪᠲᠡᠪᠡᠯ ᠠᠮᠢᠰᠬᠤᠯ ᠤᠨ ᠵᠠᠮ ᠠᠶᠠᠨᠳᠠᠭᠠᠨ ᠰᠢᠯᠤᠭᠤᠳᠴᠦ᠂ ᠬᠤᠷᠬᠢᠷᠠᠬᠤ ᠪᠤᠶᠤ ᠬᠠᠮᠠᠷ ᠲᠠᠲᠠᠬᠤ ᠶᠢ ᠠᠶᠠᠨᠳᠠᠭᠠᠨ ᠨᠠᠮᠳᠠᠭᠠᠳᠠᠭ᠃      ᠬᠤᠶᠠᠷ᠂ ᠬᠦᠵᠦᠭᠦᠤ ᠨᠢᠷᠤᠭᠤᠨ ᠤ ᠠᠷᠬᠠᠭ ᠲᠠᠢ ᠬᠥᠮᠦᠨ ᠬᠠᠵᠠᠭᠤᠯᠠᠵᠤ ᠬᠡᠪᠲᠡᠬᠦ ᠳᠡᠭᠡᠨ ᠬᠥᠯ ᠤᠨ ᠳᠤᠮᠳᠠ ᠪᠠᠨ ᠳᠡᠷ᠎ᠡ ᠪᠤᠶᠤ ᠳᠡᠪᠢᠰᠬᠡᠷ ᠬᠠᠪᠴᠢᠭᠤᠯᠪᠠᠯ ᠨᠢᠷᠤᠭᠤ ᠶᠢᠨ ᠡᠷᠡᠭᠦᠯ ᠮᠡᠨᠲᠦ ᠳᠤ ᠠᠰᠢᠭᠲᠠᠶ ᠮᠥᠷᠲᠡᠭᠡᠨ ᠨᠢᠷᠤᠭᠤ ᠡᠪᠳᠡᠬᠦ ᠶᠢ ᠰᠡᠷᠭᠡᠶᠢᠯᠡᠳᠡᠭ᠃     ᠭᠤᠷᠪᠠ᠂ ᠠᠮᠠᠷᠬᠠᠨ ᠰᠢᠷ᠎ᠠ ᠬᠤᠰᠤᠳᠠᠭ ᠬᠥᠮᠦᠨ ᠪᠤᠶᠤ ᠣᠷᠣᠶ ᠶᠢᠨ ᠬᠤᠭᠤᠯᠠ ᠪᠠᠨ ᠬᠡᠲᠦᠷᠡᠲᠡᠯ᠎ᠡ ᠢᠳᠡᠭᠰᠡᠨ ᠪᠣᠯ ᠪᠦᠰᠡᠯᠡᠭᠦᠷ ᠠᠴᠠ ᠳᠡᠭᠡᠭᠰᠢᠬᠢ ᠬᠡᠰᠡᠭ ᠤᠨ ᠣᠷᠣ ᠪᠠᠨ ᠵᠢᠭᠠᠬᠠᠨ ᠥᠨᠳᠥᠷ ᠪᠣᠯᠭᠠᠵᠤ ᠵᠡᠭᠦᠨ ᠲᠠᠯ᠎ᠠ ᠪᠠᠷ ᠢᠶᠠᠨ ᠬᠠᠵᠠᠭᠤᠯᠠᠵᠤ ᠬᠡᠪᠲᠡᠨ᠎ᠡ᠃ ᠢᠡᠭᠬᠢᠪᠡᠯ ᠰᠢᠷ᠎ᠡ ᠬᠤᠰᠤᠬᠤ ᠥᠬᠡᠶ ᠮᠥᠷᠲᠡᠭᠡᠨ ᠰᠠᠶᠢᠬᠠᠨ ᠠᠮᠠᠷᠠᠵᠤ ᠲᠠᠶᠢᠯᠳᠡᠭ᠃
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号