ᠰᠠᠶᠢᠬᠠᠨ ᠤᠯᠠᠷᠢᠯ ᠢ ᠬᠥᠮᠥᠰ ᠵᠥᠬᠡᠷ ᠲᠠᠯᠪᠢᠬᠤ ᠥᠬᠡᠢ
ᠨᠡᠶᠢᠲᠡᠯᠡᠭᠰᠡᠨ ᠴᠠᠭ᠄
2018-08-01
ᠬᠠᠷᠠᠨᠤᠳ ᠮᠦᠩᠬᠡᠵᠠᠶᠠᠭ᠎ᠠ           ᠬᠠᠪᠤᠷ ᠪᠤᠯᠤᠯ᠎ᠠ᠂      ᠬᠤᠳᠠ ᠶᠢᠨ ᠬᠥᠮᠥᠰ ᠡᠰᠡ ᠤᠶᠢᠰᠢᠶᠠᠭᠰᠠᠨ ᠴᠤ        ᠵᠡᠬᠡᠯᠢ ᠶᠢᠨ ᠲᠤᠮᠳᠠᠬᠢ        ᠵᠢᠵᠢᠭᠭᠡᠨ ᠨᠤᠭᠤᠭᠠᠨ ᠠᠷᠠᠯ ᠤᠳ ᠲᠤ        ᠠᠴᠢᠶ᠎ᠠ ᠪᠠᠨ ᠪᠠᠭᠤᠯᠭᠠᠨ ᠶᠠᠭᠠᠷᠠᠯᠳᠤᠵᠤ ᠪᠤᠢ      ᠠᠶᠠᠨ ᠤ ᠲᠤᠷᠠᠩᠬᠠᠢ ᠬᠠᠪᠤᠷ ᠢ        ᠬᠠᠷᠠᠭᠰᠠᠨ ᠥᠬᠡᠢ ᠮᠡᠳᠥ ᠪᠠᠷ ᠤᠪᠯᠠᠵᠤ        ᠬᠠᠷᠠᠭ᠎ᠠ ᠪᠠᠨ ᠰᠢᠯᠵᠢᠬᠦᠯᠵᠥ ᠴᠢᠳᠠᠬᠤ ᠥᠬᠡᠢ ᠪᠢᠵᠨ        ᠬᠠᠵᠠᠭᠤ ᠳᠤ ᠮᠢᠨᠢ ᠨᠢᠬᠡ ᠬᠡᠥᠬᠡᠳ ᠬᠡᠢ ᠪᠥᠮᠪᠦᠭᠡ ᠥᠯᠢᠶᠡᠨ᠎ᠡ        ᠨᠢᠬᠡ ᠬᠡᠥᠬᠡᠳ        ᠰᠠᠪᠤᠡᠭ ᠤᠨ ᠬᠥᠬᠡᠰᠥ ᠥᠯᠢᠶᠡᠨ᠎ᠡ      ᠲᠡᠳᠡ ᠬᠠᠪᠤᠷ ᠤᠨ ᠴᠡᠩᠭᠡᠷᠭᠡᠨ ᠲᠡᠭᠷᠢ ᠶᠢ        ᠲᠡᠭᠳᠡᠶᠢᠳᠡᠯ᠎ᠡ ᠥᠯᠢᠶᠡᠴᠢᠬᠡᠭᠰᠡᠨ ᠢ        ᠲᠡᠷᠭᠡᠳᠡ ᠨᠢ ᠪᠤᠢ ᠡᠴᠢᠬᠡ ᠡᠬᠡ ᠨᠢ        ᠤᠯᠵᠤ ᠥᠵᠡᠭᠰᠡᠨ ᠥᠬᠡᠢ ᠬᠡᠵᠤ ᠤᠪᠯᠠᠭᠠᠳ ——        ᠠᠨᠢᠵᠤ ᠥᠡᠭᠭᠡᠷᠡᠭᠦ ᠬᠡᠵᠢ ᠤᠤ          ᠬᠠᠪᠤᠷ ᠪᠤᠯᠤᠯ᠎ᠠ᠂ ᠬᠠᠪᠤᠷ ᠶᠠᠮᠠᠷ      ᠬᠤᠳᠠ ᠬᠥᠳᠡᠭᠡ ᠭᠡᠵᠤ ᠢᠯᠭᠠᠬᠤ ᠪᠢᠰᠢ ᠳ᠋ᠠ        ᠬᠡᠳᠡᠯ᠎ᠡ ᠬᠤᠳᠠ ᠶᠢᠨ ᠬᠥᠮᠥᠰ        ᠬᠡᠬᠡᠨᠴᠢᠷᠭᠡᠵᠤ ᠡᠮᠥᠰᠥᠭᠰᠡᠨ ᠬᠤᠪᠴᠠᠰᠤᠨ ᠠᠴᠠ ᠯᠨ      ᠬᠠᠪᠤᠷ ᠢ ᠤᠷᠤᠶᠢᠬᠠᠨ ᠮᠡᠳᠡᠳᠡᠭ        ᠬᠡᠷᠡᠮ ᠬᠠᠨ᠎ᠠ ᠶᠢᠨ ᠵᠠᠪᠰᠠᠷ ᠠᠴᠠ        ᠬᠡᠰᠡᠭᠭᠡᠨ ᠨᠤᠭᠤᠭᠠᠨ ᠬᠠᠷᠠᠴᠢᠬᠠᠭᠠᠳ        ᠬᠠᠪᠤᠷ ᠢ ᠮᠠᠭᠤᠬᠠᠨ ᠰᠠᠨᠠᠳᠠᠭ        ᠬᠥᠳᠡᠭᠡ ᠬᠠᠷᠢᠨ ᠬᠠᠪᠤᠷ ᠢ        ᠬᠥᠬᠡᠷᠡᠭᠰᠡᠨ ᠪᠤᠷᠤᠭᠠᠨ ᠲᠤᠮᠳᠠᠭᠤᠷ        ᠨᠤᠷᠤᠵᠤ ᠶᠠᠪᠤᠭᠠᠳ ᠰᠡᠷᠡᠳᠡᠭ        ᠰᠥᠬᠦᠷᠡᠭᠰᠡᠨ ᠲᠤᠯᠤᠭᠠᠳ ᠤᠨ ᠰᠠᠯᠬᠢᠨ ᠢ        ᠰᠥᠷᠥᠵᠤ ᠶᠠᠪᠤᠭᠠᠳ ᠮᠡᠳᠡᠳᠡᠭ          ᠬᠥᠳᠡᠭᠡ ᠪᠠᠶᠢᠬᠤ ᠳᠠᠭᠠᠨ ᠪᠢᠳᠠ ᠥᠨᠡᠨᠳᠡᠭᠡᠨ      ᠬᠠᠪᠤᠷ ᠪᠤᠯᠬᠤ ᠪᠥᠷᠢ ᠤᠷᠭᠤᠳᠠᠭ ᠰᠢᠤ ᠳ᠋ᠠ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号