ᠰᠠᠯᠬᠢᠨ ᠡᠰᠡᠷᠬᠦ
ᠨᠡᠶᠢᠲᠡᠯᠡᠭᠰᠡᠨ ᠴᠠᠭ᠄
2018-08-01
ᠬᠠᠷᠠᠨᠤᠳ ᠮᠦᠩᠬᠡᠵᠠᠶᠠᠭ᠎ᠠ

    ᠵᠡᠯᠡᠯᠡᠭᠰᠡᠨ ᠰᠢᠪᠠᠭᠤᠳ ᠤᠨ ᠵᠢᠭᠰᠠᠭᠠᠯ ᠢ

   ᠤᠭᠳᠠᠷᠭᠤᠢ ᠲᠥᠭᠦᠷᠡᠩ ᠰᠠᠨᠳᠠᠭᠠᠨ  

   ᠨᠠᠯᠠᠯᠴᠠᠭᠰᠠᠨ ᠲᠤᠯᠤᠭᠠᠳ ᠤᠨ ᠲᠡᠭᠡᠭᠦᠷ

   ᠬᠠᠯᠢᠭᠤᠷᠠᠭᠰᠠᠨ ᠡᠪᠡᠰᠥ ᠶᠢ ᠡᠰᠢ ᠲᠡᠰᠢ ᠨᠢ ᠲᠥᠯᠬᠢᠯᠡᠵᠤ

   ᠬᠠᠮᠬᠤᠤᠯ ᠤᠨ ᠬᠥᠷᠳᠥ ᠲᠠᠢ

   ᠰᠠᠷᠠᠯ ᠰᠠᠯᠬᠢᠨ ᠲᠠᠪᠬᠢᠨ᠎ᠠ  

   ᠰᠠᠷᠪᠠᠶᠢᠭᠰᠠᠨ ᠬᠤᠷᠤᠭᠤ ᠰᠢᠭ᠋ ᠮᠤᠳᠤᠳ

   ᠰᠠᠯᠬᠢᠨ ᠢ ᠬᠡᠢ ᠰᠠᠮᠤᠷᠳᠠᠵᠤ  

   ᠬᠤᠷᠤᠭᠤᠨ ᠤ ᠬᠢ ᠨᠢ ᠥᠵᠥᠬᠦᠷ ᠠᠴᠠ

   ᠪᠠᠰᠨ ᠯᠨ ᠬᠤᠷᠤᠭᠤᠳ  

   ᠠᠬᠢᠨ ᠲᠠᠬᠢᠨ ᠰᠠᠯᠠᠭᠠᠯᠠᠵᠤ  

   ᠬᠢᠯᠭᠠᠰᠤ ᠪᠤᠯᠳᠠᠯ᠎ᠠ ᠰᠠᠯᠪᠠᠷᠠᠨ᠎ᠠ    

   ᠰᠢᠷᠠᠯᠠᠭᠰᠠᠨ ᠤᠯᠠᠨ ᠨᠠᠪᠴᠢᠰ  

   ᠰᠠᠯᠬᠢᠨ ᠢ ᠲᠥᠯᠬᠢᠵᠤ ᠤᠨᠠᠭᠠᠨ᠎ᠠ  

   ᠭᠠᠪ ᠭᠠᠭᠴᠠᠭᠠᠷ ᠢᠶᠠᠨ ᠪᠢ  

   ᠭᠠᠰᠠᠯᠤᠨ ᠥᠯᠢᠶᠡᠬᠦ ᠰᠠᠯᠬᠢᠨ ᠢ  

   ᠭᠠᠯᠪᠠ ᠶᠢᠨ ᠲᠡᠷᠳᠡᠭᠡ ᠠᠴᠠ ᠡᠰᠡᠷᠬᠦᠯᠡᠬᠦ ᠳᠤ

    ᠵᠡᠪᠡᠬᠡᠢ ᠴᠠᠭᠠᠨ ᠴᠢᠷᠠᠢ ᠠᠴᠠ  

    ᠴᠡᠯ ᠵᠠᠯᠠᠭᠤ ᠲᠥᠷᠢ ᠶᠢ ᠮᠢᠨᠢ ᠲᠡᠷᠨ

    ᠴᠥᠯᠪᠡᠨ ᠠᠪᠴᠤ ᠤᠳᠤᠨ᠎ᠠ

    ᠬᠠᠮᠢᠭ᠎ᠠ ᠠᠴᠠ ᠶᠠᠪᠤᠭ᠎ᠠ ᠨᠢ ᠥᠯᠥ ᠮᠡᠳᠡᠭᠳᠡᠭᠦ

    ᠲᠡᠷᠨ ᠭᠤᠸᠠᠢ

    ᠬᠠᠮᠢᠭᠠᠰᠢ ᠪᠠᠨ ᠮᠢᠨᠤ  

    ᠤᠢ ᠲᠥᠷᠬᠦ ᠶᠢ  

    ᠭᠠᠨᠵᠤᠭᠠᠯᠠᠨ ᠠᠪᠠᠴᠢᠬᠤ ᠨᠢ ᠪᠤᠢ

 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号