ᠰᠡᠭᠦᠳᠡᠷ
ᠨᠡᠶᠢᠲᠡᠯᠡᠭᠰᠡᠨ ᠴᠠᠭ᠄
2018-08-01

ᠬᠠᠷᠠᠨᠤᠳ ᠮᠥᠡᠭᠭᠡᠵᠠᠶᠠᠭ᠎ᠠ

   ᠰᠡᠭᠦᠳᠡᠷ ᠢᠶᠠᠨ ᠬᠠᠶᠢᠵᠤ ᠪᠢ  

   ᠰᠥᠨᠢ ᠶᠢᠨ ᠲᠤᠮᠳᠠᠭᠤᠷ ᠱᠤᠩᠪᠠᠨᠠᠮ  

   ᠰᠡᠭᠦᠳᠡᠷ —   ᠰᠡᠬᠦᠯ ᠲᠥᠷᠢ ᠮᠢᠨᠢ  

   ᠬᠠᠷᠠᠩᠭᠤᠢ ᠠᠴᠠ ᠬᠠᠮᠳᠤ ᠲᠥᠷᠥᠵᠥ  

   ᠬᠡᠷᠡᠯ ᠳᠤ ᠨᠡᠶᠢᠯᠡᠨ ᠬᠥᠷᠴᠥ ᠪᠢᠯᠨ  

   ᠠᠭᠤᠯᠠᠨ ᠪᠥᠷᠥᠢ ᠶᠢᠨ ᠤᠷᠤᠰᠬᠠᠯ  

   ᠤᠯᠠᠨ ᠲᠤᠤᠷ᠎ᠠ ᠢᠷᠡᠬᠦ ᠪᠠᠷ  

   ᠤᠰᠤᠨ ᠳᠤ ᠤᠷᠤᠭᠰᠠᠨ ᠵᠢᠭᠠᠰᠤ ᠰᠢᠭ᠋  

   ᠤᠬᠤᠰᠬᠢᠭᠠᠳ ᠠᠯᠠᠭ᠎ᠠ ᠪᠤᠯᠤᠨ᠎ᠠ   ᠰᠡᠭᠦᠳᠡᠷ ᠮᠢᠨᠢ  

   ᠤᠳᠤᠳ ᠤᠨ ᠬᠡᠷᠡᠯ ᠠᠴᠠ ᠴᠤ ᠰᠡᠬᠦᠳᠡᠷ ᠢᠶᠠᠨ ᠪᠢ

   ᠤᠯᠬᠤ ᠬᠡᠵᠤ ᠲᠡᠮᠡᠥᠯᠡᠨ᠎ᠡ    

   ᠰᠥᠨᠢᠵᠢᠨ ᠢᠷᠭᠠᠯᠠᠭᠰᠠᠨ ᠰᠡᠭᠦᠳᠡᠷ ᠮᠢᠨᠢ  

   ᠰᠢᠬᠦᠳᠡᠷᠢ ᠳᠤ ᠰᠢᠩᠭᠡᠵᠤ  

   ᠡᠪᠡᠰᠥᠨ ᠤ ᠰᠤᠷᠮᠤᠤᠰᠤᠨ ᠳᠤ ᠠᠮᠤᠰᠬᠢᠨ᠎ᠠ  

   ᠰᠥᠨᠢ ᠶᠢ ᠰᠢᠷᠳᠡᠭᠰᠡᠨ  

   ᠬᠡᠥᠬᠡᠨ ᠬᠠᠷᠠᠭ᠎ᠠ

   ᠤᠯᠠᠮ ᠬᠠᠷᠠᠬᠠᠨ ᠪᠤᠯᠤᠨ᠎ᠠ  

   ᠰᠡᠬᠦᠳᠡᠷ   ᠮᠢᠨᠤ  

   ᠨᠠᠷᠠᠨ ᠳᠤ ᠬᠠᠷᠠᠭᠤᠯᠬᠤ ᠮᠥᠷ  

   ᠬᠠᠷᠠᠩᠭᠤᠢ ᠳᠤ ᠬᠠᠷᠢᠭᠤᠯᠬᠤ ᠥᠷᠢ ᠶᠤᠮ ᠳ᠋ᠠ  

   ᠰᠡᠭᠦᠳᠡᠷ ᠥᠡᠭᠭᠡ ᠥᠬᠡᠢ ᠲᠥᠷᠰᠥ ᠪᠤᠯᠵᠤ

   ᠪᠢ ᠬᠥᠡᠭᠭᠡᠨ ᠬᠡᠢ ᠪᠤᠯᠬᠤ ᠴᠠᠭ ᠲᠤ

   ᠬᠤᠷᠠᠭᠰᠠᠨ ᠠᠭᠠᠷ ᠰᠢᠭ᠋ ᠨᠢᠭᠳᠠᠬᠠᠨ ᠰᠡᠭᠦᠳᠡᠷ

   ᠬᠤᠷᠸ᠎ᠠ ᠠᠴᠠ ᠨᠡᠮ᠎ᠡ ᠶᠢ ᠬᠠᠶᠢᠵᠤ ᠬᠥᠶᠥᠨ᠎ᠡ ᠳ᠋ᠠ

   

 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号