ᠤᠨ ᠰᠠᠷ᠎ᠠ ᠬᠥᠯᠢᠶᠡᠯᠳᠡ
ᠨᠡᠶᠢᠲᠡᠯᠡᠭᠰᠡᠨ ᠴᠠᠭ᠄
2018-08-01

 

   

     ᠤᠷᠤᠨ ᠬᠡᠷ ᠤᠨ ᠴᠢᠨᠢ ᠭᠠᠳᠠᠨ᠎ᠠ

     ᠤᠳᠤ ᠪᠤᠯᠳᠠᠯ᠎ᠠ ᠬᠥᠯᠢᠶᠡᠭᠰᠡᠭᠡᠷ ᠪᠠᠶᠢᠨ᠎ᠠ  

     ᠤᠳᠤᠳ

     ᠰᠠᠨᠰᠠᠷ ᠬᠠᠷᠠᠬᠤ ᠠᠯᠳᠠᠨ ᠨᠢᠳᠤᠳ ᠰᠢᠭ᠋ ᠬᠢᠯᠠᠯᠵᠠᠵᠤ  

     ᠤᠷᠴᠢᠯᠠᠩ ᠤᠨ ᠴᠠᠭ ᠥᠡᠭᠭᠡᠷᠡᠵᠤ ᠤᠳᠤᠭᠰᠠᠨ ᠴᠤ

     ᠤᠷᠢᠳᠤᠬᠢ ᠲᠠᠢ ᠪᠠᠨ ᠢᠵᠢᠯᠬᠡᠨ

 

     ᠤᠷᠢᠳᠤ ᠬᠤᠨᠤᠵᠤ ᠶᠠᠪᠤᠭᠰᠠᠨ

     ᠬᠡᠷ ᠴᠢᠨᠢ ᠡᠵᠡᠬᠦᠢ

     ᠤᠳᠤᠭᠠᠨ ᠤ ᠥᠨᠥᠷ ᠲᠠᠢ ᠰᠠᠯᠬᠢᠨ ᠯᠨ

     ᠪᠠᠭᠤᠷᠢ ᠳᠤ ᠨᠢ ᠬᠤᠷᠭᠤᠳᠠᠵᠤ ᠪᠠᠶᠢᠨ᠎ᠠ  

     ᠬᠥᠮᠥᠨ ᠮᠠᠯ ᠤᠨ ᠬᠥᠯ ᠳᠤ

     ᠬᠥᠯᠬᠢᠬᠦᠯᠥᠭᠰᠡᠨ ᠴᠠᠭᠠᠨ ᠭᠠᠵᠠᠷ

     ᠬᠥᠬᠡ ᠡᠪᠡᠰᠥ ᠪᠠᠷ ᠡᠳᠡᠭᠡᠷᠡᠵᠤ  

     ᠬᠥᠨᠳᠡᠢ ᠬᠠᠨᠭ᠍ᠭᠠᠢ ᠠᠳᠠᠷ ᠲᠤ

     ᠲᠠᠭᠤᠤ ᠭᠢᠨᠭᠰᠢᠭᠦ‍ ᠰᠢᠭ  

     ᠤᠷᠢᠳᠤ ᠲᠡᠭᠡᠷ᠎ᠡ ᠨᠢ  

     ᠱᠠᠭᠠᠵᠠᠭᠠᠢ ᠱᠠᠭᠰᠢᠵᠤ ᠰᠠᠭᠤᠭᠰᠠᠨ

     ᠤᠶᠠᠭᠠᠨ ᠤ ᠪᠠᠭᠠᠨ᠎ᠠ ᠬᠤᠭᠤᠷᠠᠵᠤ

     ᠶᠤᠵᠤᠭᠤᠷ ᠨᠢ ᠯᠨ ᠭᠤᠵᠤᠶᠢᠵᠤ

     ᠤᠷᠠᠨ ᠥᠬᠡᠰ ᠥᠬᠦᠯᠡᠯᠳᠥᠨ  

     ᠠᠭᠰᠤᠮ ᠲᠠᠯᠪᠢᠵᠤ ᠶᠠᠪᠤᠭᠰᠠᠨ  

     ᠤᠯᠤᠰ ᠤᠳᠤ ᠭᠥᠬᠡᠷᠥᠬᠦᠢ

     ᠤᠨᠤᠭ᠎ᠠ ᠲᠠᠢ ᠪᠠᠨ ᠠᠯᠠᠭ᠎ᠠ ᠪᠠᠶᠢᠨ᠎ᠠ  

     ᠤᠷᠢᠳᠤ ᠴᠢᠨᠤ ᠬᠤᠨᠤᠵᠤ ᠶᠠᠪᠤᠭᠰᠠᠨ

     ᠤᠡᠭᠭᠤᠷᠬᠠᠢ ᠰᠢᠪᠠᠷ ᠪᠠᠭᠤᠴᠠ  

     ᠤᠷᠤᠬᠤ ᠪᠤᠷᠤᠭᠠᠨ ᠤ ᠬᠥᠯ ᠢᠶᠠᠷ  

     ᠡᠬᠡ ᠲᠡᠯᠡᠭᠡᠢ ᠳᠡᠭᠡᠨ ᠪᠤᠴᠠᠵᠤ ᠪᠠᠶᠢᠨ᠎ᠠ

     ᠤᠡᠭᠭᠤᠷᠬᠠᠢ ᠲᠡᠷᠨ ᠪᠠᠭᠤᠴᠠᠨ ᠤ ᠴᠢᠨᠢ ᠡᠮᠥᠨ᠎ᠡ  

     ᠤᠳᠤ ᠪᠤᠯᠳᠠᠯ᠎ᠠ ᠬᠥᠯᠢᠶᠡᠭᠰᠡᠭᠡᠷ ᠪᠠᠶᠢᠨ᠎ᠠ

   

     ᠬᠡᠵᠢᠶ᠎ᠠ ᠪᠤᠴᠠᠵᠤ ᠢᠷᠡᠬᠦ ᠶᠢ ᠴᠢᠨᠢ

     ᠬᠡᠨ ᠴᠤ ᠥᠯᠥ ᠮᠡᠳᠡᠨ᠎ᠡ

     ᠬᠡᠨ ᠪᠤᠯᠵᠤ ᠢᠷᠡᠬᠦ ᠶᠢ ᠴᠢᠨᠢ  ᠪᠢ ᠴᠤ ᠥᠯᠥ ᠮᠡᠳᠡᠨ᠎ᠡ

             ᠵᠤᠬᠢᠶᠠᠭᠴᠢ᠄ ᠬᠠᠷᠠᠨᠤᠳ ᠮᠥᠡᠭᠭᠡᠵᠠᠶᠠᠭ᠎ᠠ

 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号