︽ᠭᠠᠶᠢᠬᠠᠯᠳᠤ ᠡᠷᠬᠡᠰ︾
ᠨᠡᠶᠢᠲᠡᠯᠡᠭᠰᠡᠨ ᠴᠠᠭ᠄
2018-07-31

 ᠬᠤᠶᠠᠳᠤᠭᠠᠷ ᠪᠥᠯᠥᠭ   ᠴᠢᠯᠠᠭᠤᠨ ᠤ ᠡᠷᠬᠡ ᠴᠢᠯᠥᠬᠡ

111

ᠪᠠᠷᠤᠭ ᠯᠠ ᠤᠳᠠᠭ᠎ᠠ ᠪᠤᠯᠭᠠᠨ ᠤ ᠶᠡᠭᠡ ᠤᠰᠤᠨ ᠤ ᠲᠠᠷᠠᠭ᠎ᠠ ᠨᠢᠭᠡ ᠬᠥᠮᠥᠨ ᠴᠢᠯᠠᠭᠤ ᠪᠤᠯᠤᠨ ᠬᠤᠪᠢᠷᠠᠨ᠎ᠠ᠃ ᠵᠠᠷᠢᠮ

ᠬᠥᠮᠥᠨ ᠶᠡᠷᠥ ᠨᠢ ᠠᠮᠠ ᠪᠠᠨ ᠪᠠᠷᠢᠵᠤ ᠲᠡᠶᠢᠯᠬᠦ ᠦᠭᠡᠢ᠃ ᠨᠢᠭᠤᠴᠠ ᠳᠠᠯᠳᠠ ᠶᠡᠭᠡ ᠤᠰᠤᠨ ᠤ ᠴᠢᠮᠡᠭᠡ ᠶᠢ ᠶᠠᠮᠠᠷ

ᠴᠤ ᠥᠶ᠎ᠡ ᠳᠤ ᠨᠢᠭᠡ ᠬᠤᠶᠠᠷ ᠬᠥᠮᠥᠨ ᠪᠤᠰᠤᠳ ᠲᠤ ᠢᠯᠡᠴᠢᠯᠡᠳᠡᠭ᠂ ᠲᠡᠭᠦᠨ ᠤ ᠤᠯᠠᠮ ᠠᠴᠠ ᠥᠪᠡᠷ ᠢᠶᠠᠨ

ᠴᠢᠯᠠᠭᠤᠨ ᠬᠥᠮᠥᠨ ᠪᠤᠯᠤᠨ᠎ᠠ᠃ ᠲᠡᠬᠡᠳᠥ ᠲᠡᠭᠷᠢ ᠨᠥᠶ᠋ᠨ ᠳᠤ ᠶᠡᠭᠡ ᠤᠰᠤᠨ ᠤ ᠴᠢᠮᠡᠭᠡ ᠶᠢ ᠲᠤᠭᠤᠯᠭᠠᠭᠰᠠᠨ ᠤ

ᠬᠠᠮᠳᠤ᠂ ᠶᠡᠭᠡ ᠤᠰᠤ ᠢᠷᠡᠬᠦ ᠥᠶ᠎ᠡ ᠳᠤ ᠡᠷᠬᠢᠵᠤ ᠬᠠᠷᠠᠯ ᠥᠬᠡᠢ ᠶᠠᠪᠤᠭᠠᠷᠠᠢ ᠬᠡᠵᠤ ᠤᠨᠴᠠᠯᠠᠨ ᠵᠠᠬᠢᠵᠠᠢ᠃ ᠬᠡᠪᠡᠴᠥ

ᠨᠥᠶ᠋ᠨ ᠶᠢᠨ ᠨᠢᠭᠡ ᠬᠠᠮᠢᠶᠠᠳᠠᠨ ︵ᠵᠠᠷᠢᠮ ᠨᠣᠮ ᠳᠤ ᠲᠡᠭᠦᠨ ᠤ ᠡᠬᠡᠨᠡᠷ ᠨᠢ ᠭᠡᠯᠴᠡᠨ᠎ᠡ︶᠎ ᠨᠢ ᠡᠷᠬᠢᠵᠤ ᠬᠠᠷᠠᠪᠠᠯ

ᠶᠠᠭᠠᠭᠢᠳᠠᠭ ᠪᠤᠯ ᠡ ᠬᠡᠵᠤ ᠪᠤᠳᠤᠭᠠᠳ ᠪᠠᠶᠢᠵᠠᠢ᠃ ᠡᠷᠬᠢᠵᠤ ᠬᠠᠷᠠᠪᠠᠯ ᠶᠠᠮᠠᠷᠬᠠᠨ ᠥᠷ᠎ᠡ ᠳ᠋ᠥᠡᠭ ᠳᠤ ᠬᠥᠷᠬᠦ ᠶᠢ

ᠲᠡᠭᠡᠳᠥ ᠲᠡᠭᠷᠢ ᠨᠢᠬᠡᠨᠳᠡ ᠲᠤᠪ ᠲᠤᠳᠤᠷᠬᠠᠢ ᠤᠶᠢᠯᠠᠭᠠᠭᠤᠯᠴᠢᠬᠠᠭᠰᠠᠨ ᠪᠠᠶᠢᠳᠠᠯ᠎ᠠ ᠲᠡᠷᠨ ᠬᠥᠮᠥᠨ ᠪᠠᠰᠨ ᠯᠨ᠂

ᠡᠷᠬᠢᠵᠤ ᠬᠠᠷᠠᠪᠠᠯ ᠶᠠᠭᠠᠭᠢᠳᠠᠭ ᠪᠤᠯ ᠡ ᠬᠡᠵᠤ ᠪᠤᠳᠤᠵᠠᠢ᠃ ᠲᠡᠷᠨ ᠬᠥᠮᠥᠨ ᠡᠨ᠋ᠨ ᠰᠤᠨᠢᠭᠤᠴᠢ ᠰᠡᠳᠬᠢᠯ ᠤᠨ ᠢᠶᠠᠨ

ᠤᠷᠰᠢᠬ ᠠᠴᠠ ᠶᠡᠭᠡ ᠤᠰᠤ ᠶᠢ ᠡᠷᠬᠢᠨ ᠬᠠᠷᠠᠭᠠᠳ ᠴᠢᠯᠠᠭᠤ ᠪᠤᠯᠤᠭᠰᠠᠨ ᠪᠠᠶᠢᠨ᠎ᠠ᠃ ︵︽ᠶᠡᠭᠡ ᠤᠰᠤᠨ ᠤ ᠲᠡᠥᠬᠡ

︾᠂ P7889︶

ᠪᠠᠰᠠ ᠵᠠᠷᠢᠮ ᠬᠥᠮᠥᠨ ᠪᠤᠰᠤᠳ ᠢ ᠠᠪᠤᠷᠠᠬᠤ ᠶᠢᠨ ᠲᠥᠯᠥᠬᠡ ᠶᠡᠭᠡ ᠤᠰᠤ ᠢᠷᠡᠬᠦ ᠴᠢᠮᠡᠭᠡ ᠶᠢ ᠬᠥᠮᠥᠰ ᠲᠤ

ᠬᠡᠯᠡᠬᠡᠳ ᠥᠪᠡᠷ ᠢᠶᠠᠨ ᠴᠢᠯᠠᠭᠤᠨ ᠬᠥᠮᠥᠨ ᠪᠤᠯᠵᠠᠢ᠃ ᠠᠩᠴᠢᠨ ᠬᠠᠶᠢᠷᠤᠪ ᠪᠤᠯ ᠡᠶᠢᠮᠥ ᠶᠤᠮ᠃ ᠲᠠᠷᠡ ᠶᠡᠭᠡ

ᠤᠰᠤᠨ ᠤ ᠴᠢᠮᠡᠭᠡ ᠶᠢ ᠪᠤᠰᠤᠳ ᠲᠤ ᠢᠯᠡᠴᠢᠯᠡᠭᠰᠡᠨ ᠤ ᠲᠠᠷᠠᠭ᠎ᠠ᠂ ᠥᠪᠡᠷ ᠢᠶᠠᠨ ᠴᠢᠯᠠᠭᠤᠨ ᠬᠥᠮᠥᠨ ᠪᠤᠯᠤᠭᠰᠠᠨ

ᠪᠠᠶᠢᠨ᠎ᠠ᠃ ᠡᠨ᠋ᠨ ᠪᠤᠯ ᠠᠷᠪᠠᠨ ᠨᠠᠷᠠᠨ ᠤ ᠥᠶ᠎ᠡ ᠠᠴᠠ ᠡᠬᠢᠯᠡᠬᠡᠳ ᠶᠡᠭᠡ ᠰᠡᠬᠦᠯ ᠤᠨ ᠤᠳᠤᠬᠢᠴᠢᠯᠠᠭᠰᠠᠨ ᠬᠤᠳᠠ

ᠪᠠᠯᠭᠠᠰᠤ ᠪᠤᠰᠬᠤ ᠪᠤᠯᠳᠠᠯ᠎ᠠ ᠬᠢ ᠪᠥᠬᠦᠢ ᠯᠨ ᠴᠠᠭ ᠥᠶ᠎ᠡ ᠶᠢ ᠰᠤᠨᠳᠠᠯᠠᠭᠰᠠᠨ ᠠᠯᠳᠠᠷᠳᠤ ᠪᠠᠭᠠᠳᠤᠷ ᠬᠠᠶᠢᠷᠤᠪ ᠤᠨ

ᠬᠡᠷᠡᠯ ᠰᠠᠴᠤᠷᠠᠩᠭᠤᠢ ᠲᠡᠥᠬᠡ ᠶᠢᠨ ᠬᠢ ᠨᠢ ᠨᠢᠬᠡ ᠬᠡᠰᠡᠭ ᠠᠵᠢ᠃ ᠡᠨ᠋ᠨ ᠥᠶ᠎ᠡ ᠪᠤᠯᠳᠠᠯ᠎ᠠ ᠬᠥᠮᠥᠰ ᠬᠠᠶᠢᠷᠤᠪ

ᠪᠠᠭᠠᠳᠤᠷ ᠢ ᠮᠠᠭᠳᠠᠨ ᠲᠠᠭᠤᠯᠠᠵᠤ ᠪᠠᠶᠢᠪᠠ᠃ ᠬᠡᠪᠡᠴᠥ ᠲᠡᠭᠦᠨ ᠠᠴᠠ ᠰᠡᠬᠦᠯᠡᠷ ᠬᠠᠶᠢᠷᠤᠪ ᠪᠠᠭᠠᠳᠤᠷ ᠲᠤᠯᠤᠭᠠᠢ ᠠᠴᠠ

᠎ ᠪᠠᠨ ᠡᠬᠢᠯᠡᠬᠡᠳ ᠪᠡᠶ᠎ᠡ ᠶᠢᠨ ᠬᠢ ᠨᠢ ᠰᠢᠷᠬᠡᠭ ᠰᠢᠷ᠎ᠠ ᠥᠰᠥᠨ ᠳᠡᠭᠡᠨ ᠬᠥᠷᠳᠡᠯ᠎ᠡ ᠮᠠᠭᠤ ᠶᠢᠨ ᠲᠠᠮᠠᠭ᠎ᠠ

ᠲᠠᠷᠤᠭᠤᠯᠤᠭᠰᠠᠨ ᠪᠢᠯᠨ᠃ ᠡᠬᠦᠨ ᠢ ᠰᠡᠬᠦᠯ ᠳᠤ ᠶᠠᠷᠢᠨ᠎ᠠ᠃ ᠤᠳᠤ ᠪᠤᠯ ᠬᠠᠶᠢᠷᠤᠪ ᠪᠠᠭᠠᠳᠤᠷ ᠤᠨ ᠴᠢᠯᠠᠭᠤᠨ

ᠬᠥᠮᠥᠨ ᠪᠤᠯᠤᠨ ᠬᠤᠪᠢᠷᠠᠭᠰᠠᠨ ᠲᠡᠷᠨ ᠥᠶ᠎ᠡ ᠠᠴᠠ ᠴᠤᠬᠤᠰ ᠶᠠᠷᠢᠶ᠎ᠠ᠃

ᠴᠢᠯᠠᠭᠤᠨ ᠬᠥᠮᠥᠨ ᠪᠤᠯᠬᠤ ᠭᠡᠭᠴᠢ ᠡᠭᠢᠯᠡᠭᠡᠳ ᠪᠤᠯ ᠥᠢᠯᠨ ᠲᠠᠮᠤ ᠪᠠᠨ ᠥᠵᠡᠭᠰᠡᠨ ᠬᠡᠷᠡᠭ ᠠᠵᠢ᠃ ᠬᠥᠳᠡᠯᠵᠤ

ᠪᠠᠷᠢᠵᠤ ᠪᠤᠯᠬᠤ ᠦᠬᠡᠢ᠂ ᠢᠳᠡᠵᠤ ᠤᠤᠭᠤᠵᠤ ᠪᠤᠯᠬᠤ ᠦᠭᠡᠢ᠃ ᠥᠷᠯᠥᠬᠡ ᠳᠤ ᠨᠢ ᠨᠢᠭᠤᠷ ᠭᠠᠷ ᠢᠶᠠᠨ ᠤᠬᠢᠶᠠᠵᠤ

ᠪᠤᠯᠬᠤ ᠦᠭᠡᠢ᠂ ᠵᠥᠪᠬᠡᠨ ᠬᠤᠷ᠎ᠠ ᠰᠢᠬᠦᠳᠡᠷᠢ ᠪᠠᠭᠤᠵᠤ᠂ ᠨᠢᠭᠤᠷ ᠴᠢᠷᠠᠢ ᠲᠤ ᠬᠢ ᠲᠤᠭᠤᠰᠤ ᠲᠤᠷᠳᠤᠭ

ᠰᠢᠪᠠᠭᠤᠨ ᠤ ᠪᠠᠭᠠᠰᠤ ᠶᠢ ᠤᠬᠢᠶᠠᠨ ᠴᠡᠪᠡᠷᠯᠡᠬᠦ ᠶᠢ ᠬᠥᠯᠢᠶᠡᠬᠦ ᠯᠠ ᠬᠡᠷᠡᠭ᠃ ᠬᠡᠪᠡᠴᠥ ᠡᠨ᠋ᠨ ᠨᠢ ᠴᠤ ᠶᠠᠭᠠᠭᠢᠬᠤ ᠪᠤᠢ᠂

ᠶᠠᠯᠢᠮ ᠦᠬᠡᠢ ᠤᠴᠢᠷ ᠳ᠋ᠠ᠃ ᠤᠷᠤᠢ ᠥᠳᠡᠰᠢ ᠶᠢᠨ ᠴᠠᠭ ᠢᠶᠠᠷ ᠤᠨᠳᠠᠬᠤ ᠨᠦᠢᠷ ᠦᠬᠡᠢ ᠰᠥᠨᠢ ᠶᠢᠨ ᠭᠦᠨ

ᠴᠡᠩᠭᠡᠷ ᠲᠡᠭᠷᠢ ᠶᠢ ᠰᠢᠷᠳᠡᠵᠤ ᠭᠡᠪᠳᠡᠬᠦ ᠳᠡᠭᠡᠨ ᠪᠡᠶ᠎ᠡ ᠳᠤᠲᠤᠷᠠᠬᠢ ᠴᠢᠯᠠᠭᠤᠳ ᠤᠨ ᠤᠷᠭᠤᠬᠤ ᠰᠥᠷᠳᠡᠢ ᠲᠠᠭᠤᠨ ᠢ

ᠰᠤᠨᠤᠰᠬᠤ ᠨᠡᠩ ᠵᠤᠪᠠᠯᠠᠩᠳᠠᠢ᠃ ᠴᠢᠨᠤ ᠥᠵᠡᠯ ᠪᠤᠳᠤᠯ᠂ ᠦᠭᠡ ᠶᠠᠷᠢᠶ᠎ᠠ ᠠᠭᠠᠵᠢᠮ ᠢᠶᠠᠷ ᠴᠢᠯᠠᠭᠤᠵᠢᠨ ᠬᠥᠰᠢᠵᠤ᠂

ᠵᠥᠪᠬᠡᠨ ᠰᠠᠯᠬᠢᠨ ᠤ ᠲᠠᠭᠤᠨ ᠯᠨ ᠡᠨ᠋ᠨ ᠲᠡᠯᠡᠬᠡᠢ ᠳᠤ ᠤᠷᠤᠨ ᠵᠠᠢ ᠡᠵᠡᠯᠡᠵᠤ ᠪᠠᠶᠢᠭ᠎ᠠ ᠶᠢᠨ ᠲᠤᠭᠢᠶ᠎ᠠ ᠪᠤᠯᠤᠨ᠎ᠠ᠃

ᠨᠠᠭᠠᠰᠢ ᠴᠠᠭᠠᠰᠢ ᠶᠠᠪᠤᠵᠤ ᠰᠠᠭᠤᠵᠤ᠂ ᠭᠥᠳᠡᠯᠵᠤ ᠬᠥᠶᠥᠵᠤ ᠪᠠᠶᠢᠭᠰᠠᠨ ᠠᠮᠢᠳᠤ ᠪᠡᠶ᠎ᠡ ᠬᠡᠨᠡᠳᠳᠡ ᠬᠥᠰᠢᠬᠡᠳ

ᠵᠤᠭᠰᠤᠴᠢᠬᠠᠬᠤ ᠪᠠᠷ ᠡᠯᠡᠢ ᠬᠤᠯᠠᠢ ᠶᠢᠷᠳᠢᠨᠴᠥ ᠳᠤ ᠭᠠᠭᠴᠠᠭᠠᠷ ᠬᠠᠶᠠᠭᠳᠠᠭᠰᠠᠨ ᠲᠥᠷᠥᠭᠳᠡᠯ ᠲᠠᠢ᠃ ᠬᠡᠯᠡᠯᠬᠡᠨ

ᠥᠬᠡᠢ ᠡᠨ᠋ᠨ ᠪᠤᠯ ᠡᠬᠢᠯᠡᠬᠡᠳ ᠴᠢᠯᠠᠭᠤᠨ ᠬᠥᠮᠥᠨ ᠪᠤᠯᠵᠤ ᠪᠠᠶᠢᠭ᠎ᠠ ᠥᠶ᠎ᠡ ᠶᠢᠨ ᠰᠡᠳᠬᠢᠭᠳᠡᠯ ᠶᠤᠮ᠂ ᠶᠠᠪᠤᠭ᠎ᠠ

ᠶᠠᠪᠤᠭᠠᠨ ᠳᠠᠭᠠᠨ ᠬᠠᠷᠢᠨ ᠬᠡᠳᠡᠷᠬᠦ ᠪᠠᠨ ᠴᠢᠯᠠᠭᠤᠨ ᠤ ᠲᠥᠷᠬᠦ ᠳᠡᠭᠡᠨ ᠲᠠᠰᠴᠢᠬᠠᠳᠠᠭ᠃

ᠠᠩᠴᠢᠨ ᠬᠠᠶᠢᠷᠤᠪ ᠡᠬᠢᠯᠡᠬᠡᠳ ᠬᠥᠮᠥᠨ ᠴᠢᠨᠠᠷ ᠢᠶᠠᠨ ᠬᠠᠮᠠᠭᠠᠯᠠᠵᠤ᠂ ᠮᠢᠬᠠᠨ ᠪᠡᠶ᠎ᠡ ᠶᠢ ᠨᠢ ᠵᠢᠭᠠᠬᠠᠨ ᠵᠢᠭᠠᠬᠠᠨ ᠢᠶᠠᠷ

ᠡᠵᠡᠯᠡᠵᠤ ᠢᠷᠡᠬᠦ ᠰᠢᠷᠤᠢ ᠴᠢᠯᠠᠭᠤᠨ ᠤ ᠡᠯᠧᠮᠧᠨ᠋ᠲ ᠨᠦᠭᠦᠳ ᠲᠠᠢ ᠲᠡᠮᠡᠴᠡᠯᠳᠥᠵᠤ ᠪᠠᠶᠢᠭᠰᠠᠨ ᠪᠤᠯ ᠰᠡᠬᠦᠯ ᠰᠡᠬᠦᠯ

᠎ ᠳᠡᠭᠡᠨ ᠡᠨ᠋ᠨ ᠲᠡᠮᠡᠴᠡᠯ ᠠᠴᠠ ᠪᠠᠨ ᠵᠠᠯᠬᠠᠭᠤᠷᠠᠵᠤ᠂ ᠬᠥᠬᠡ ᠨᠤᠭᠤᠭ᠎ᠠ ᠵᠠᠵᠢᠯᠵᠤ᠂ ᠰᠢᠬᠦᠳᠡᠷᠢ ᠶᠢᠨ ᠲᠤᠰᠤᠯ

ᠵᠠᠯᠬᠢᠭᠠᠳ᠂ ᠬᠥᠢᠳᠡᠨ ᠬᠥᠬᠡ ᠴᠢᠯᠠᠭᠤᠨ ᠤ ᠲᠥᠷᠬᠦ ᠳᠡᠭᠡᠨ ᠲᠠᠰᠴᠤ ᠡᠬᠢᠯᠡᠭᠰᠡᠨ ᠠᠵᠢ᠃

ᠥᠯᠢᠬᠡᠷ ᠬᠥᠥᠷᠨᠢᠵᠤ ᠪᠠᠶᠢᠭᠠᠳ᠂ ᠡᠨ᠋ᠨ ᠥᠶ᠎ᠡ ᠪᠤᠯᠳᠠᠯ᠎ᠠ ᠶᠠᠷᠢᠭᠠᠳ ᠵᠤᠭᠰᠤᠴᠢᠬᠠᠭᠰᠠᠨ ᠪᠤᠯ᠂ ᠲᠠᠷᠤᠢ ᠬᠠᠶᠢᠷᠤᠪ

ᠪᠠᠭᠠᠳᠤᠷ ᠢ ᠴᠢᠯᠠᠭᠤᠨ ᠲᠥᠷᠢ ᠳᠡᠭᠡᠨ ᠲᠠᠰᠤᠭᠠᠳ᠂ ᠪᠠᠶᠢᠭᠠᠯᠢ ᠶᠢᠨ ᠡᠯᠢᠬᠡᠨ ᠳᠤ ᠬᠡᠪᠳᠡᠵᠤ ᠪᠠᠶᠢᠬᠤ ᠪᠤᠯᠳᠠᠯ᠎ᠠ ᠨᠢ

ᠪᠢᠴᠢᠴᠢᠭᠡᠭᠰᠡᠨ ᠪᠤᠯ ᠬᠠᠶᠢᠷᠤᠪ ᠪᠠᠭᠠᠳᠤᠷ ᠲᠠᠯᠠᠷᠬᠠᠭᠠᠳ ᠪᠠᠷᠠᠰᠢ ᠥᠬᠡᠢ ᠪᠠᠶᠢᠬᠤ ᠪᠠᠶᠢᠭᠰᠠᠨ᠃ ᠤᠴᠢᠷ ᠨᠢ

ᠴᠢᠯᠠᠭᠤᠨ ᠬᠥᠮᠥᠨ᠂ ᠠᠮᠢᠳᠤ ᠬᠥᠮᠥᠨ ᠪᠠᠶᠢᠭᠰᠠᠨ ᠥᠶ᠎ᠡ ᠶᠢᠨ ᠢᠶᠠᠨ ᠰᠡᠳᠬᠢᠭᠳᠡᠯ ᠲᠠᠳᠬᠠᠯ ᠢᠶᠠᠨ ᠪᠥᠷᠢᠨ

ᠲᠠᠶᠠᠭᠳᠠᠭᠠᠳ ᠲᠡᠶᠢᠯᠴᠢᠬᠡᠪᠡᠯ ᠲᠠᠷᠤᠢ ᠠᠮᠤᠷᠯᠢᠩᠭᠤᠢ ᠶᠢᠨ ᠤᠷᠤᠨ ᠳᠠᠭᠠᠨ ᠬᠥᠷᠴᠢᠬᠡᠨ᠎ᠡ᠃ ᠬᠠᠶᠢᠷᠤᠪ ᠪᠠᠭᠠᠳᠤᠷ ᠲᠤ

ᠠᠪᠴᠤ ᠬᠡᠯᠡᠪᠡᠯ ᠵᠤᠯ ᠪᠤᠰᠤ ᠶᠠᠪᠤᠳᠠᠯ ᠨᠢ᠂ ᠠᠯᠢ ᠨᠢᠬᠡᠨ ᠴᠠᠭ ᠲᠤ ᠨᠢᠬᠡ ᠰᠡᠶᠢᠯᠥᠮᠡᠯᠴᠢᠨ ᠲᠡᠭᠦᠨ ᠢ ᠬᠥᠬᠡ ᠬᠠᠳᠠᠨ

᠎ ᠤ ᠲᠤᠳᠤᠷ᠎ᠠ ᠠᠴᠠ ᠰᠡᠶᠢᠯᠥᠨ ᠭᠠᠷᠭᠠᠵᠠᠢ᠃ ᠡᠨ᠋ᠨ ᠥᠶ᠎ᠡ ᠪᠤᠯᠳᠠᠯ᠎ᠠ ᠲᠡᠷᠨ ᠬᠥᠮᠥᠨ ᠬᠡᠳᠡᠭ ᠢᠶᠠᠨ ᠪᠥᠷᠢᠮᠥᠰᠥᠨ

ᠮᠠᠷᠳᠠᠭᠠᠳ ᠪᠠᠶᠢᠪᠠ᠃ ᠲᠡᠭᠦᠨ ᠤ ᠠᠮᠤᠷ ᠲᠠᠶᠢᠪᠤᠡᠭ ᠴᠢᠯᠠᠭᠤᠨ ᠨᠦᠢᠷ ᠢ ᠡᠪᠳᠡᠭᠰᠡᠨ ᠰᠡᠶᠢᠯᠥᠮᠡᠯᠴᠢᠨ ᠳᠤ ᠲᠡᠷᠨ

ᠥᠬᠦᠳᠡᠯ᠎ᠡ ᠬᠤᠷᠤᠰᠤᠭᠰᠠᠨ ᠠᠵᠢ᠃ ᠬᠡᠪᠡᠴᠥ ᠰᠡᠬᠦᠯᠡᠷ ᠲᠡᠷᠨ ᠬᠠᠷᠢᠨ ᠠᠭᠤᠴᠢ ᠪᠠᠭᠳᠠᠭᠠᠮᠵᠢᠳᠠᠢ ᠪᠠᠷ ᠲᠡᠷᠨ

ᠰᠡᠶᠢᠯᠥᠮᠡᠯᠴᠢᠨ ᠢ ᠥᠷᠥᠰᠢᠶᠡᠵᠡᠢ᠃ ᠲᠠᠷᠠᠭᠠᠴᠢ ᠶᠢᠨ ᠥᠯᠢᠬᠡᠷ ᠬᠥᠥᠷᠨᠢᠬᠦ ᠳᠤ᠂ ᠡᠳᠡᠬᠡᠷ ᠵᠦᠢᠯ ᠪᠥᠬᠦᠳᠡ

ᠲᠤᠳᠤᠷᠬᠠᠢ ᠪᠤᠯᠤᠨ᠎ᠠ᠃ ᠬᠡᠯᠡᠯᠬᠡᠨ ᠥᠬᠡᠢ ᠡᠨ᠋ᠨ ᠨᠢ ᠥᠯᠢᠬᠡᠷ ᠤᠨ ᠭᠤᠤᠯᠳᠠᠯᠭ᠎ᠠ ᠪᠢᠰᠢ᠃

ᠬᠠᠶᠢᠷᠤᠪ ᠪᠠᠭᠠᠳᠤᠷ ᠶᠠᠮᠠᠷ ᠨᠢᠬᠡᠨ ᠲᠤᠭᠢᠶᠠᠯᠳᠤᠯ ᠢᠶᠠᠷ ᠰᠡᠶᠢᠯᠥᠮᠡᠯᠴᠢᠨ ᠤ ᠠᠵᠢᠯ ᠤᠨ ᠬᠡᠷ ᠠᠴᠠ ᠵᠢᠭᠤᠳᠠᠨ ᠭᠠᠷᠴᠤ

ᠢᠷᠡᠭᠰᠡᠨ ᠶᠠᠪᠤᠳᠠᠯ ᠪᠤᠯ ᠰᠠᠶ᠋ᠢ ᠥᠯᠢᠬᠡᠷ ᠤᠨ ᠭᠤᠤᠯᠳᠠᠯᠭ᠎ᠠ ᠮᠥᠨ᠃ ᠲᠡᠷᠨ ᠰᠡᠶᠢᠯᠥᠮᠡᠯᠴᠢᠨ ᠤ ᠠᠵᠢᠯ ᠤᠨ ᠲᠠᠰᠤᠭ

᠎ ᠠᠴᠠ ᠵᠢᠭᠤᠳᠠᠨ ᠭᠠᠷᠴᠤ ᠢᠷᠡᠬᠡᠳ᠂ ᠤᠤᠯ ᠤᠨ ᠬᠡᠪᠳᠡᠵᠤ ᠪᠠᠶᠢᠭᠰᠠᠨ ᠤᠷᠤᠨ ᠳᠠᠭᠠᠨ ᠤᠴᠢᠬᠤ ᠬᠡᠬᠦ ᠳᠤ ᠲᠡᠷᠨ

ᠭᠠᠵᠠᠷ ᠢᠶᠠᠨ ᠶᠠᠭᠠᠭᠢᠭᠠᠳ ᠴᠤ ᠡᠷᠢᠵᠤ ᠤᠯᠤᠭᠰᠠᠨ ᠥᠬᠡᠢ᠃ ᠬᠠᠮᠢᠶ᠎ᠠ ᠥᠬᠡᠢ ᠨᠢᠬᠡ ᠭᠠᠵᠠᠷ ᠤᠯᠤᠭᠠᠳ ᠴᠢᠮᠡᠭᠡ

ᠥᠬᠡᠢ ᠲᠥᠡᠭᠰᠦ᠋ᠢᠬᠡᠳ ᠰᠠᠭᠤᠴᠢᠬᠠᠶ᠎ᠠ ᠬᠡᠬᠦᠯᠡᠷ᠂ ᠭᠠᠵᠠᠷ ᠰᠢᠷᠥᠢ ᠶᠢᠨ ᠡᠬᠡ ᠲᠡᠯᠡᠬᠡᠢ᠂ ᠬᠥᠮᠥᠨ ᠲᠥᠷᠰᠥ ᠠᠴᠠ ᠨᠢ

ᠰᠡᠵᠢᠭᠯᠡᠵᠤ᠂ ᠲᠡᠭᠦᠨ ᠢ ᠤᠶᠢᠷᠠᠳᠤᠭᠤᠯᠤᠭᠰᠠᠨ ᠥᠬᠡᠢ᠃

ᠲᠡᠷᠨ ᠤᠷᠤᠬᠤ ᠤᠷᠤᠨ ᠥᠬᠡᠢ ᠭᠠᠭᠴᠠᠭᠠᠷᠳᠠᠬᠤ ᠳᠠᠭᠠᠨ ᠵᠢᠭᠤᠳᠠᠵᠤ ᠭᠠᠷᠤᠭᠰᠠᠨ ᠬᠤᠳᠠ ᠳᠠᠭᠠᠨ ᠡᠷᠬᠢᠨ ᠬᠠᠷᠢᠵᠤ

᠂ ᠰᠢᠪᠠᠭᠤᠨ ᠤ ᠪᠠᠭᠠᠰᠤᠨ ᠳᠤ ᠪᠢᠯᠳᠠᠭᠳᠠᠭᠠᠳ ᠴᠠᠭᠠᠨ ᠲᠠᠷᠯᠠᠨ ᠪᠤᠯᠴᠢᠬᠠᠭᠰᠠᠨ ᠴᠡᠴᠡᠷᠯᠢᠭ ᠤᠨ ᠱᠤᠭᠤᠮᠠᠯ ᠤᠳ ᠢ

ᠪᠠᠷᠠᠳᠠᠵᠤ᠂ ᠤᠷᠳᠤ ᠬᠠᠷᠠᠩᠭᠤᠢ ᠰᠥᠨᠢ ᠶᠢ ᠥᠡᠭᠭᠡᠷᠡᠭᠡᠭᠦ ᠪᠤᠯᠵᠠᠢ᠃

112

ᠴᠢᠯᠠᠭᠤᠨ ᠠᠴᠠ ᠭᠠᠷᠴᠤ ᠢᠷᠡᠭᠰᠡᠨ ᠬᠠᠶᠢᠷᠤᠪ ᠪᠠᠭᠠᠳᠤᠷ ᠤᠨ ᠲᠤᠬᠠᠢ ᠨᠢᠬᠡᠨ ᠨᠡᠯᠢᠶᠡᠳ ᠪᠥᠷᠢᠨ ᠵᠤᠬᠢᠶᠠᠯ ᠪᠤᠢ᠃

ᠲᠡᠭᠦᠨ ᠳᠤ ᠥᠬᠡᠷ᠎ᠡ ᠨᠢᠬᠡᠨ ᠬᠠᠷᠠᠭᠠᠰᠤ ᠠᠴᠠ ᠬᠠᠶᠢᠷᠤᠪ ᠪᠠᠭᠠᠳᠤᠷ ᠤᠨ ᠲᠤᠬᠠᠢ ᠴᠤᠬᠤᠰ ᠪᠢᠴᠢᠭᠰᠡᠨ ᠪᠠᠶᠢᠳᠠᠭ᠃

ᠬᠡᠯᠡᠯᠬᠡᠨ ᠥᠬᠡᠢ ᠬᠠᠶᠢᠷᠤᠪ ᠪᠠᠭᠠᠳᠤᠷ ᠤᠨ ᠥᠯᠢᠬᠡᠷ ᠡᠳᠦ᠋ᠢᠬᠡᠨ ᠢᠶᠠᠷ ᠵᠤᠭᠰᠤᠬᠤ ᠪᠢᠰᠢ᠃ ᠲᠡᠷᠡᠴᠢᠯᠡᠨ ᠡᠨ᠋ᠨ

ᠵᠤᠬᠢᠶᠠᠯ ᠳᠤ᠂ ᠬᠠᠶᠢᠷᠤᠪ ᠪᠠᠭᠠᠳᠤᠷ ᠰᠡᠶᠢᠯᠥᠮᠡᠯᠴᠢᠨ ᠤ ᠠᠵᠢᠯ ᠤᠨ ᠬᠡᠷ ᠠᠴᠠ ᠵᠢᠭᠤᠳᠠᠨ ᠭᠠᠷᠴᠤ ᠢᠷᠡᠭᠰᠡᠨ

ᠬᠥᠷᠳᠡᠯ᠎ᠡ ᠪᠢᠴᠢᠬᠡᠳ᠂ ᠴᠠᠭᠠᠰᠢ ᠨᠢ ᠶᠡᠷᠥ ᠬᠠᠶᠢᠷᠤᠪ ᠪᠠᠭᠠᠳᠤᠷ ᠤᠨ ᠰᠤᠷᠠᠭ ᠢ ᠴᠤᠬᠤᠶᠢᠯᠭᠠᠭ᠎ᠠ ᠥᠬᠡᠢ ᠶᠤᠮ᠃

ᠬᠡᠪᠡᠴᠥ ᠡᠮᠥᠨ᠎ᠡ ᠬᠤᠶᠢᠨᠠᠬᠢ ᠥᠯᠢᠬᠡᠷ ᠤᠨ ᠤᠴᠢᠷ ᠢ ᠲᠤᠳᠤ ᠪᠤᠯᠭᠠᠬᠤ ᠶᠢᠨ ᠲᠥᠯᠥᠬᠡ᠂ ᠪᠢᠳᠠ ᠡᠨ᠋ᠨ ᠵᠤᠬᠢᠶᠠᠯ ᠢ

ᠲᠡᠷᠡᠴᠢᠯᠡᠨ ᠬᠠᠭᠤᠯᠬᠤ ᠬᠡᠷᠡᠭᠳᠡᠢ ᠪᠠᠶᠢᠨ᠎ᠠ᠃ ᠡᠨ᠋ᠨ ᠪᠤᠯ ᠡᠳ᠋ ᠨᠤᠷᠠᠾ ᠶᠠᠵᠨ ᠬᠡᠮᠥᠨ ᠬᠡᠭᠴᠢ ᠴᠢᠯᠠᠭᠤᠨ ᠬᠥᠮᠥᠨ ᠤ

ᠪᠢᠴᠢᠭᠰᠡᠨ ᠵᠤᠬᠢᠶᠠᠯ ᠶᠤᠮ᠃

︽ᠴᠢᠯᠠᠭᠤᠨ ᠤ ᠡᠷᠬᠡ ᠴᠢᠯᠥᠬᠡ︾᠎ ᠶᠢᠨ ᠪᠥᠷᠢᠨ ᠵᠤᠬᠢᠶᠠᠯ

113

ᠲᠡᠷᠨ ᠬᠦ ᠲᠤᠭᠤᠰᠤ ᠲᠠᠷᠤᠭᠰᠠᠨ ᠮᠤᠳᠤᠳ ᠲᠠᠢ ᠬᠠᠭᠤᠴᠢᠨ ᠴᠡᠴᠡᠷᠯᠢᠭ᠂ ᠬᠠᠶᠢᠷᠤᠪ ᠪᠠᠭᠠᠳᠤᠷ ᠤᠨ ᠤᠷᠤᠩᠨᠠᠬᠤ

ᠰᠢᠨ᠎ᠡ ᠤᠷᠤᠨᠴᠠ ᠪᠤᠯᠵᠠᠢ᠃ ᠲᠡᠷᠨ ᠠᠳᠡ ᠬᠢᠬᠦ ᠬᠢᠳᠡᠯ ᠥᠬᠡᠢ ᠠᠯᠮᠠᠶᠢᠷᠠᠨ᠂ ᠴᠡᠴᠡᠷᠯᠢᠭ ᠤᠨ ᠮᠤᠳᠤᠳ ᠤᠨ

ᠲᠡᠭᠡᠭᠦᠷ ᠢᠷᠠᠶᠢᠬᠤ ᠥᠨᠳᠥᠷ ᠠᠰᠠᠷ ᠤᠳ ᠤᠨ ᠴᠤᠩᠬᠤ ᠶᠢ ᠬᠠᠷᠠᠵᠤ ᠰᠠᠭᠤᠬᠤ ᠳᠠᠭᠠᠨ᠂ ᠬᠥᠮᠥᠨ ᠶᠠᠭᠤᠨ ᠳᠤ

ᠡᠶᠢᠮᠥ ᠥᠨᠳᠥᠷ ᠪᠠᠬᠢᠯᠢᠭ᠌ ᠠᠰᠠᠷ ᠪᠠᠷᠢᠵᠤ ᠲᠤᠳᠤᠷ᠎ᠠ ᠨᠢ ᠰᠠᠭᠤᠳᠠᠭ ᠪᠢᠯᠨ ᠬᠡᠮᠡᠨ ᠭᠠᠶᠢᠬᠠᠬᠤ ᠪᠤᠯᠵᠠᠢ᠃

ᠬᠥᠮᠥᠨ ᠲᠠᠢ ᠬᠠᠷᠢᠴᠠᠭᠤᠯᠪᠠᠯ᠂ ᠬᠠᠶᠢᠷᠤᠪ ᠪᠠᠭᠠᠳᠤᠷ ᠲᠠᠭᠠᠷᠠᠵᠤ ᠪᠡᠬᠡᠷᠡᠬᠦ ᠥᠬᠡᠢ᠂ ᠤᠰᠤ ᠴᠠᠰᠤᠨ ᠳᠤ ᠴᠤ

ᠠᠵᠢᠭ ᠥᠬᠡᠢ ᠥᠡᠭᠭᠡᠷᠡᠴᠢᠭᠡᠨ᠎ᠡ᠃ ᠲᠡᠷᠨ ᠥᠨᠥ ᠰᠢᠪᠠᠭᠤᠨ ᠪᠠᠭᠠᠰᠤᠨ ᠳᠤ ᠪᠢᠯᠳᠠᠭᠳᠠᠭᠰᠠᠨ ᠱᠤᠭᠤᠮᠠᠯ ᠤᠨ

ᠲᠤᠤᠷᠠᠬᠠᠨ ᠰᠠᠭᠤᠳᠠᠭ ᠠᠳᠠᠯ᠎ᠠ ᠲᠡᠷᠨ ᠱᠤᠭᠤᠮᠠᠯ ᠲᠠᠢ ᠠᠪ ᠠᠳᠠᠯᠢᠬᠠᠨ ᠢᠶᠠᠷ ᠬᠤᠷ᠎ᠠ ᠪᠤᠷᠤᠭᠠᠨ ᠳᠤ ᠲᠡᠪᠳᠥᠳᠡᠭ

ᠪᠠᠶᠢᠪᠠ᠃

ᠨᠢᠬᠡ ᠡᠳᠥᠷ᠂ ᠲᠡᠷᠨ ᠱᠤᠭᠤᠮᠠᠯ ᠤᠨ ᠲᠤᠤᠷ᠎ᠠ ᠰᠠᠭᠤᠵᠤ ᠪᠠᠶᠢᠬᠤ ᠳᠠᠭᠠᠨ ᠨᠢᠬᠡ ᠬᠥᠳᠡᠯᠥᠬᠡᠳ ᠠᠪᠤᠭᠰᠠᠨ ᠳᠤ᠂

ᠬᠠᠵᠠᠭᠤ ᠪᠠᠷ ᠨᠢ ᠥᠡᠭᠭᠡᠷᠡᠵᠤ ᠶᠠᠪᠤᠭᠰᠠᠨ ᠨᠢᠬᠡ ᠡᠮᠡᠬᠡᠨ ᠤᠤᠯᠭ᠎ᠠ ᠠᠯᠳᠠᠨ ᠰᠤᠴᠢᠵᠠᠢ᠃ ᠵᠢᠷᠥᠬᠡ ᠪᠠᠨ ᠭᠠᠷ

᠎ ᠲᠠᠭᠠᠨ ᠪᠠᠷᠢᠭᠰᠠᠨ ᠲᠡᠷᠨ ᠡᠮᠡᠬᠡᠨ᠂ ᠬᠠᠶᠢᠷᠤᠪ ᠪᠠᠭᠠᠳᠤᠷ ᠢ ᠰᠤᠴᠢᠨ ᠬᠠᠷᠠᠵᠤ ᠪᠠᠶᠢᠭᠰᠠᠨ ᠢᠶᠠᠨ᠂ ᠱᠤᠭᠤᠮᠠᠯ ᠰᠢᠬ

ᠲᠥᠷᠢᠯᠡᠭᠰᠡᠨ ᠤᠷᠠᠯᠢᠬᠴᠢᠨ ᠤ ᠨᠢᠬᠡ ᠨᠢ ᠪᠠᠶᠢᠬ᠎ᠠ ᠬᠡᠵᠤ ᠲᠠᠭᠠᠮᠠᠭᠯᠠᠭᠠᠳ᠂ ᠬᠠᠷᠮᠠᠨ ᠠᠴᠠ ᠪᠠᠨ ᠵᠤᠭᠤᠰ ᠭᠠᠷᠭᠠᠵᠤ᠂

ᠬᠠᠶᠢᠷᠤᠪ ᠪᠠᠭᠠᠳᠤᠷ ᠤᠨ ᠭᠠᠷ ᠲᠡᠭᠡᠷ᠎ᠡ ᠲᠠᠯᠪᠢᠵᠠᠢ᠃

ᠬᠠᠶᠢᠷᠤᠪ ᠪᠠᠭᠠᠳᠤᠷ ᠤᠨ ᠥᠡᠭᠭᠡᠷᠡᠯᠳᠡ ᠶᠢ ᠰᠤᠳᠤᠯᠤᠭᠰᠠᠨ ᠤᠯᠠᠩᠭᠢ ᠬᠥᠮᠥᠰ ᠤᠨ ᠥᠵᠡᠬᠦ ᠪᠠᠷ᠂ ᠬᠠᠶᠢᠷᠤᠪ

ᠪᠠᠭᠠᠳᠤᠷ ᠴᠤᠬᠤᠮ ᠳᠠᠭᠠᠨ ᠲᠡᠷᠨ ᠯᠨ ᠥᠶ᠎ᠡ ᠠᠴᠠ ᠡᠬᠢᠯᠡᠵᠤ᠂ ᠮᠥᠡᠭᠭᠦᠨ ᠳᠤ ᠰᠢᠨᠤᠯ ᠲᠠᠢ ᠪᠤᠯᠤᠭᠰᠠᠨ ᠬᠡᠵᠡᠢ᠃

ᠰᠢᠨᠤᠯ ᠲᠠᠢ ᠪᠤᠯᠬᠤ ᠴᠤ ᠶᠠᠭᠠᠭᠢᠬᠤ ᠪᠤᠢ᠂ ᠬᠠᠶᠢᠷᠤᠪ ᠪᠠᠭᠠᠳᠤᠷ ᠲᠤ ᠮᠥᠡᠭᠭᠦ ᠤᠭᠳᠤ ᠬᠡᠷᠡᠭ ᠥᠬᠡᠢ ᠪᠠᠶᠢᠪᠠ᠃

ᠲᠡᠷᠨ ᠢᠳᠡᠬᠦ ᠥᠬᠡᠢ ᠤᠤᠭᠤᠬᠤ ᠥᠬᠡᠢ᠂ ᠡᠮᠥᠰᠴᠥ ᠵᠡᠬᠦᠬᠦ ᠥᠬᠡᠢ᠂ ᠬᠠᠯᠠᠭᠤᠨ ᠲᠤᠯᠠᠭᠠᠨ ᠬᠡᠷ ᠲᠤ ᠰᠠᠭᠤᠬᠤ

ᠥᠬᠡᠢ᠂ ᠭᠠᠷᠴᠤ ᠤᠷᠤᠬᠤ ᠳᠠᠭᠠᠨ ᠤᠨᠤᠭ᠎ᠠ ᠬᠥᠯᠥᠭ ᠴᠤ ᠬᠡᠷᠡᠭ ᠥᠬᠡᠢ ᠪᠠᠶᠢᠵᠠᠢ᠃ ᠬᠡᠪᠡᠴᠥ ᠬᠠᠶᠢᠷᠤᠪ ᠪᠠᠭᠠᠳᠤᠷ

ᠲᠡᠷᠨ ᠨᠢᠬᠡ ᠮᠥᠴᠠ ᠠᠴᠠ ᠡᠬᠢᠯᠡᠵᠤ ᠭᠠᠯᠵᠠᠭᠤᠷᠠᠭᠰᠠᠨ ᠰᠢᠬ ᠮᠥᠡᠭᠭᠦ ᠴᠤᠭᠯᠠᠭᠤᠯᠵᠤ ᠪᠠᠶᠢᠪᠠ᠃

ᠲᠡᠷᠨ ᠬᠤᠭᠤᠯᠠᠨ ᠬᠡᠷ ᠤᠨ ᠬᠤᠭᠤᠯᠨ ᠪᠤᠳᠠᠭ᠎ᠠ ᠵᠥᠬᠡᠬᠡᠭᠴᠢ᠂ ᠵᠠᠬᠢᠳᠠᠯ ᠬᠥᠷᠬᠡᠭᠴᠢ᠂ ᠵᠤᠳᠤᠭᠠᠴᠢᠨ ᠪᠤᠯᠤᠨ

ᠪᠠᠷᠢᠯᠭᠠᠴᠢᠨ ᠤ ᠠᠵᠢᠯ ᠢ ᠴᠥᠮ ᠬᠢᠵᠤ ᠥᠡᠭᠭᠡᠷᠡᠵᠡᠢ᠃ ᠠᠯᠢ ᠠᠵᠢᠯ ᠢ ᠬᠢᠭᠰᠡᠨ ᠴᠦ ᠨᠢᠬᠡ ᠰᠠᠷ᠎ᠠ ᠠᠴᠠ ᠲᠠᠪᠠᠵᠤ

ᠪᠠᠶᠢᠭ᠎ᠠ ᠥᠬᠡᠢ᠃ ᠢᠷᠡᠯ ᠭᠠᠷᠤᠯ ᠨᠢ ᠲᠤᠳᠤ ᠥᠬᠡᠢ᠂ ᠪᠡᠶ᠎ᠡ ᠶᠢᠨ ᠥᠨᠡᠮᠯᠡᠯ ᠥᠬᠡᠢ ᠲᠡᠶᠢᠮᠥ ᠨᠢᠬᠡ ᠴᠢᠯᠠᠭᠤᠨ

ᠬᠥᠮᠥᠨ ᠢ ᠬᠡᠨ ᠴᠤ ᠤᠳᠠᠭᠠᠨ ᠬᠡᠷᠡᠭᠯᠡᠬᠦ ᠶᠢ ᠪᠤᠳᠤᠬᠤ ᠥᠬᠡᠢ ᠪᠠᠶᠢᠪᠠ᠃

ᠲᠡᠭᠦᠨ ᠳᠤ ᠵᠤᠳᠤᠭᠠᠴᠢᠨ ᠤ ᠠᠵᠢᠯ ᠶᠡᠭᠡ ᠲᠤᠭᠢᠷᠠᠮᠵᠢᠳᠠᠢ ᠪᠠᠶᠢᠭᠰᠠᠨ ᠴᠤ ᠬᠡᠳᠥ ᠤᠳᠠᠭᠠᠨ ᠤ ᠵᠤᠳᠤᠭᠠᠨ ᠳᠤ

ᠨᠥᠬᠦᠬᠡᠳᠡᠬᠢ ᠪᠥᠯᠥᠭ ᠤᠨ ᠢᠶᠠᠨ ᠬᠥᠮᠥᠨ ᠢ ᠨᠢᠳᠤᠷᠭᠠᠳᠠᠵᠤ ᠠᠯᠠᠭᠰᠠᠨ ᠠᠴᠠ ᠪᠤᠯᠤᠭᠠᠳ ᠠᠵᠢᠯ ᠲᠥᠷᠥᠯ ᠤᠨ

ᠨᠡᠷ᠎ᠡ ᠰᠤᠷᠠᠭ ᠮᠠᠭᠤᠳᠠᠵᠠᠢ᠃

ᠲᠡᠭᠦᠨ ᠳᠤ ᠲᠤᠭᠢᠷᠠᠮᠵᠢᠳᠠᠢ ᠨᠥᠬᠦᠬᠡ ᠨᠢᠬᠡ ᠠᠵᠢᠯ ᠪᠤᠯ ᠪᠠᠷᠢᠯᠭ᠎ᠠ ᠶᠢᠨ ᠠᠵᠢᠯ ᠪᠠᠶᠢᠪᠠ᠃ ᠬᠡᠷᠡᠭᠯᠡᠬᠡᠳ ᠪᠠᠷᠠᠰᠢ

ᠥᠬᠡᠢ ᠬᠥᠴᠥ ᠴᠢᠳᠠᠯ ᠲᠠᠢ᠂ ᠡᠳᠥᠷᠵᠢᠨ ᠠᠵᠢᠯᠯᠠᠭᠠᠳ ᠴᠤ ᠶᠠᠳᠠᠷᠠᠬᠤ ᠵᠥᠳᠡᠷᠡᠬᠦ ᠨᠢ ᠮᠡᠳᠡᠭᠳᠡᠭᠦ ᠥᠬᠡᠢ ᠪᠠᠶᠢᠭ᠎ᠠ

᠎ ᠪᠠᠷ ᠢᠶᠠᠨ ᠲᠡᠷᠨ ᠪᠠᠷᠢᠯᠭ᠎ᠠ ᠶᠢᠨ ᠠᠵᠢᠯᠴᠢᠳ ᠤᠨ ᠲᠥᠷᠥᠬᠦᠥ ᠪᠠ ᠮᠥᠡᠭᠭᠦ ᠲᠠᠢ ᠲᠠᠭᠠᠭᠠᠮᠠᠯ ᠨᠠᠷ ᠤᠨ ᠰᠠᠶᠢᠰᠢᠶᠡᠯ ᠢ

ᠤᠯᠵᠤ ᠪᠠᠶᠢᠪᠠ᠃

ᠰᠤᠳᠤᠷ ᠨᠤᠮ ᠠᠴᠠ ᠥᠵᠡᠬᠦ ᠳᠤ᠂ ᠲᠡᠭᠦᠨ ᠤ ᠪᠠᠷᠢᠯᠭ᠎ᠠ ᠶᠢᠨ ᠠᠵᠢᠯ ᠳᠤ ᠤᠷᠤᠯᠴᠠᠵᠤ ᠪᠠᠶᠢᠭᠰᠠᠨ ᠬᠠᠮᠤᠭ ᠤᠨ

ᠰᠡᠬᠦᠯ ᠤᠨ ᠲᠡᠮᠳᠡᠭᠯᠡᠯ ᠨᠢ ᠤᠯᠤᠰ ᠤᠨ ᠬᠤᠷᠠᠯ ᠤᠨ ᠶᠡᠭᠡ ᠠᠰᠠᠷ ᠢ ᠪᠠᠷᠢᠵᠤ ᠪᠠᠶᠢᠭᠰᠠᠨ ᠥᠶ᠎ᠡ ᠳᠤ ᠶᠤᠮ ᠰᠠᠨ᠃

ᠡᠬᠦᠨ ᠠᠴᠠ ᠰᠡᠭᠦᠯᠡᠷ ᠲᠡᠬᠦᠨ ᠤ ᠨᠡᠷ᠎ᠡ᠂ ᠪᠠᠷᠢᠯᠭ᠎ᠠ ᠶᠢᠨ ᠠᠵᠢᠯᠴᠢᠳ ᠤᠨ ᠨᠡᠷ᠎ᠡ ᠵᠢᠭᠳᠡ ᠶᠢ ᠲᠡᠮᠳᠡᠭᠯᠡᠳᠡᠭ

ᠲᠡᠮᠳᠡᠭᠯᠡᠯ ᠳᠤ ᠲᠠᠭᠢᠵᠤ ᠶᠡᠷᠥ ᠢᠯᠡᠷᠡᠭᠡ ᠥᠬᠡᠢ ᠶᠤᠮ᠃

ᠵᠠᠷᠢᠮ ᠪᠠᠳᠤ ᠲᠠᠢ ᠮᠡᠳᠡᠭᠡ ᠳᠤ ᠥᠨᠳᠥᠰᠥᠯᠡᠪᠡᠯ᠂ ᠬᠠᠶᠢᠷᠤᠪ ᠪᠠᠭᠠᠳᠤᠷ ᠥᠪᠡᠷ ᠢᠶᠠᠨ ᠡᠶᠢᠮᠥᠷᠬᠦᠥ ᠠᠵᠢᠯ ᠢ ᠬᠢᠬᠦ

ᠥᠬᠡᠢ ᠬᠡᠵᠤ ᠠᠮᠠᠯᠳᠠᠵᠠᠢ᠃ ᠤᠴᠢᠷ ᠨᠢ ᠵᠠᠷᠢᠮ ᠥᠶ᠎ᠡ ᠳᠤ ᠪᠠᠷᠢᠯᠭ᠎ᠠ ᠶᠢᠨ ᠠᠵᠢᠯᠴᠢᠳ᠂ ᠬᠠᠶᠢᠷᠤᠪ ᠪᠠᠭᠠᠳᠤᠷ ᠢ

ᠹᠢᠲ᠋ᠤᠨ ᠤ ᠬᠤᠯᠢᠮᠠᠭ ᠲᠤ ᠠᠳᠡᠬᠦᠷᠡᠨ ᠴᠢᠬᠢᠵᠤ᠂ ᠪᠠᠷᠢᠯᠭ᠎ᠠ ᠳᠤ ᠨᠠᠭᠠᠵᠤ ᠤᠷᠤᠭᠤᠯᠬᠤ ᠠᠯᠳᠠᠭ᠎ᠠ ᠶᠢ ᠪᠠᠶᠢᠨ ᠪᠠᠶᠢᠨ

ᠭᠠᠷᠭᠠᠳᠠᠭ ᠠᠴᠠ ᠪᠤᠯᠵᠠᠢ᠃

ᠥᠳᠡᠰᠢ᠂ ᠠᠵᠢᠯ ᠠᠴᠠ ᠪᠠᠨ ᠠᠮᠠᠷᠠᠭᠰᠠᠨ ᠠᠵᠢᠯᠴᠢᠳ ᠬᠤᠭᠤᠯᠨ ᠪᠤᠳᠠᠭ᠎ᠠ ᠢᠳᠡᠵᠤ᠂ ᠫᠢᠸᠤ᠋ ᠵᠠᠯᠬᠢᠯᠠᠭᠠᠳ

ᠰᠠᠭᠤᠵᠤ ᠪᠠᠶᠢᠬᠤ ᠳᠤ᠂ ᠬᠠᠶᠢᠷᠤᠪ ᠪᠠᠭᠠᠳᠤᠷ ᠥᠨᠥᠬᠢ ᠡᠳᠥᠷᠵᠢᠨ ᠪᠠᠷᠢᠭᠰᠠᠨ ᠪᠠᠷᠢᠯᠭ᠎ᠠ ᠶᠢᠨ ᠲᠤᠳᠤᠷ᠎ᠠ ᠠᠴᠠ

ᠠᠷᠠᠶᠢᠬᠠᠨ ᠴᠤᠭᠤᠯᠤᠨ ᠭᠠᠷᠴᠤ ᠢᠷᠡᠬᠡᠳ᠂ ᠪᠡᠶ᠎ᠡ ᠳᠤ ᠨᠢ ᠨᠠᠭᠠᠯᠳᠤᠭᠰᠠᠨ ᠹᠢᠲ᠋ᠤᠨ ᠤ ᠬᠤᠯᠢᠮᠠᠭ ᠢ ᠬᠠᠷᠢᠶᠠᠯ

ᠲᠠᠯᠪᠢᠨ ᠴᠡᠪᠡᠷᠯᠡᠭᠰᠡᠬᠡᠷ᠂ ᠴᠡᠴᠡᠷᠯᠢᠭ ᠲᠡᠭᠡᠨ ᠬᠠᠷᠢᠵᠤ ᠢᠷᠡᠳᠡᠭ ᠪᠠᠶᠢᠪᠠ᠃ ᠴᠤᠬᠤᠮ ᠡᠨ᠋ᠨ ᠯᠨ ᠰᠢᠯᠳᠠᠭᠠᠨ ᠠᠴᠠ

ᠪᠤᠯᠵᠤ ᠬᠠᠶᠢᠷᠤᠪ ᠪᠠᠭᠠᠳᠤᠷ ᠲᠠᠭᠢᠭᠠᠳ ᠪᠠᠷᠢᠯᠭ᠎ᠠ ᠶᠢᠨ ᠠᠵᠢᠯ ᠳᠤ ᠤᠷᠤᠯᠴᠠᠬᠤ ᠪᠠᠨ ᠪᠤᠯᠢᠵᠠᠢ᠃

114

ᠨᠢᠬᠡ ᠥᠶ᠎ᠡ᠂ ᠡᠯ᠎ᠡ ᠭᠠᠵᠠᠷ ᠤᠨ ᠬᠤᠳᠠ ᠶᠢᠨ ᠱᠤᠭᠤᠮᠠᠯ ᠤᠳ ᠬᠡᠨᠡᠳᠳᠡ ᠪᠠᠷ ᠠᠯᠠᠭ᠎ᠠ ᠪᠤᠯᠵᠤ ᠪᠠᠶᠢᠪᠠ᠃ ᠡᠯ᠎ᠡ

ᠵᠦᠢᠯ ᠤᠨ ᠴᠢᠯᠠᠭᠤᠨ ᠮᠠᠲ᠋ᠧᠷᠢᠶᠠᠯ ᠢᠶᠠᠷ ᠬᠢᠭᠰᠡᠨ ᠬᠥᠨᠳᠥ ᠬᠥᠨᠳᠥ ᠱᠤᠭᠤᠮᠠᠯ ᠤᠳ ᠢ ᠬᠡᠨ ᠰᠥᠨᠢ ᠪᠠᠷ ᠠᠴᠢᠵᠤ

ᠲᠡᠭᠡᠭᠡᠪᠥᠷᠢᠯᠡᠬᠡᠳ ᠠᠪᠤᠭᠠᠳ ᠶᠠᠪᠤᠴᠢᠬᠠᠵᠤ ᠪᠠᠶᠢᠭ᠎ᠠ ᠶᠢ ᠮᠡᠳᠡᠭᠰᠡᠨ ᠬᠥᠮᠥᠨ ᠥᠬᠡᠢ᠃ ᠬᠡᠷᠡᠭ ᠤᠨ ᠲᠠᠯᠠᠪᠤᠷ ᠲᠤ

ᠰᠡᠵᠢᠭ ᠲᠠᠢ ᠮᠥᠷ ᠴᠤ ᠢᠯᠡᠷᠡᠭᠰᠡᠨ ᠥᠬᠡᠢ ᠶᠤᠮ᠃

ᠬᠡᠪᠡᠴᠥ ᠨᠢᠬᠡ ᠰᠥᠨᠢ᠂ ᠰᠤᠭᠳᠤᠭᠤ ᠡᠷ᠎ᠡ᠂ ᠴᠡᠴᠡᠷᠯᠢᠭ ᠤᠨ ᠴᠢᠯᠠᠭᠤᠨ ᠱᠤᠭᠤᠮᠠᠯ ᠤᠨ ᠲᠤᠤᠷ᠎ᠠ ᠰᠠᠪᠠᠵᠤ

ᠤᠨᠠᠭᠠᠳ ᠤᠨᠳᠠᠵᠤ ᠪᠠᠶᠢᠳᠠᠯ᠎ᠠ ᠨᠢᠬᠡ ᠬᠥᠮᠥᠨ ᠢᠷᠡᠵᠤ᠂ ᠲᠡᠭᠦᠨ ᠤ ᠲᠡᠭᠡᠷᠡᠬᠡᠨ ᠪᠠᠶᠢᠭᠰᠠᠨ ᠱᠤᠭᠤᠮᠠᠯ ᠳᠤ ᠬᠡᠳᠥᠨ

ᠥᠬᠡ ᠬᠡᠯᠡᠭᠡᠳ᠂ ᠥᠨᠥᠬᠢ ᠨᠢ ᠪᠠᠶᠢᠭ᠎ᠠ ᠤᠷᠤᠨ ᠠᠴᠠ ᠪᠠᠨ ᠪᠤᠰᠤᠭᠠᠳ ᠶᠠᠪᠤᠴᠢᠬᠠᠬᠤ ᠶᠢ ᠨᠦᠢᠷᠮᠤᠭ ᠵᠡᠬᠦᠷᠮᠡᠭ

᠎ ᠤᠨ ᠬᠤᠭᠤᠷᠤᠨᠳᠤ ᠬᠠᠷᠠᠵᠠᠢ᠃

— ᠲᠡᠷᠨ ᠬᠥᠴᠥᠳᠡᠢ ᠴᠢᠯᠠᠭᠤᠨ ᠱᠤᠭᠤᠮᠠᠯ ᠪᠤᠰᠴᠤ ᠶᠠᠪᠤᠬᠤ ᠳᠠᠭᠠᠨ ᠨᠠᠮᠠᠢᠢ ᠡᠰᠡ ᠯᠨ ᠬᠢᠰᠬᠢᠴᠢᠬᠡᠭᠰᠡᠨ ᠥᠬᠡᠢ

ᠳ᠋ᠠ ᠬᠡᠵᠤ ᠲᠡᠷᠨ ᠰᠤᠭᠳᠤᠭᠤ ᠡᠷ᠎ᠡ ᠮᠠᠷᠭᠠᠰᠢ ᠨᠢ ᠭᠤᠮᠤᠳᠠᠯ ᠲᠠᠢ ᠶᠠᠷᠢᠬᠤ ᠳᠤ᠂ ᠱᠤᠭᠤᠮᠠᠯ ᠬᠡᠬᠡᠭᠰᠡᠨ ᠬᠡᠷᠡᠭ ᠢ

ᠰᠥᠪᠡᠭᠴᠢᠯᠡᠵᠤ ᠪᠠᠶᠢᠭᠰᠠᠨ ᠴᠠᠭᠳᠠᠭ᠎ᠠ ᠨᠠᠷ ᠰᠤᠭᠳᠤᠭᠤ ᠬᠥᠮᠥᠨ ᠤ ᠥᠬᠡ ᠶᠢ ᠶᠠᠭᠤᠮᠠᠨ ᠲᠤᠭᠠᠨ ᠳᠤ ᠪᠤᠳᠤᠭᠰᠠᠨ

ᠥᠬᠡᠢ᠃

ᠲᠡᠳᠡᠭᠡᠷ ᠠᠯᠠᠭ᠎ᠠ ᠪᠤᠯᠳᠠᠭ ᠱᠣᠭᠤᠮᠠᠯ ᠤᠳ ᠬᠡᠮ ᠵᠢᠮ ᠥᠬᠡᠢ ᠪᠠᠶᠢᠵᠤ ᠪᠠᠶᠢᠳᠠᠯ᠎ᠠ᠂ ᠨᠢᠬᠡ ᠬᠥᠮᠥᠨ ᠢᠷᠡᠬᠡᠳ

ᠲᠠᠷᠨᠢᠳᠠᠭᠰᠠᠨ ᠶᠤᠮ ᠰᠢᠬ ᠲᠠᠭᠠᠭᠤᠯᠤᠭᠠᠳ ᠶᠠᠪᠤᠴᠢᠬᠠᠵᠤ ᠪᠠᠶᠢᠭ᠎ᠠ ᠬᠡᠷᠡᠭ ᠤᠨ ᠮᠡᠳᠡᠬᠦᠯᠥᠯᠳᠡ ᠰᠡᠬᠦᠯᠡᠷ ᠬᠡᠳᠥ

ᠬᠡᠳᠥᠨ ᠭᠠᠵᠠᠷ ᠲᠤ ᠭᠠᠷᠴᠠᠢ᠃

ᠬᠤᠳᠠ ᠪᠤᠯᠭᠠᠨ ᠤ ᠬᠥᠪᠡᠭᠡ ᠵᠠᠬ᠎ᠠ ᠪᠠᠷ ᠨᠡᠯᠥᠩᠭᠢ ᠠᠷᠪᠢᠨ ᠴᠢᠯᠠᠭᠤᠨ ᠴᠡᠷᠢᠭ ᠪᠥᠷᠢᠯᠳᠥᠵᠤ ᠪᠠᠶᠢᠯ᠎ᠠ᠃ ᠠᠰᠠᠷ

ᠲᠠᠭᠳᠤ ᠶᠢᠨ ᠰᠠᠭᠤᠷᠢ ᠳᠤ ᠪᠠᠶᠢᠭᠰᠠᠨ ᠲᠤᠮᠤ ᠬᠡᠰᠡᠭᠳᠥ ᠴᠢᠯᠠᠭᠤ ᠨᠤᠭᠤᠳ ᠠᠵᠢᠯ ᠢᠶᠠᠨ ᠬᠠᠶᠠᠵᠤ᠂ ᠥᠨᠳᠥᠷ

ᠰᠥᠷᠯᠢᠭ ᠠᠰᠠᠷ ᠤᠳ ᠢ ᠤᠡᠭᠬᠤᠯᠢᠭᠤᠯᠵᠤ ᠤᠷᠬᠢᠴᠢᠬᠠᠭᠠᠳ᠂ ᠲᠥᠷᠪᠡᠯᠵᠢᠨ ᠬᠡᠰᠡᠭᠳᠥ ᠪᠡᠶ᠎ᠡ ᠳᠡᠭᠡᠨ ᠬᠤᠶᠠᠷ ᠬᠥᠯ

ᠭᠠᠷ ᠰᠢᠬ ᠶᠠᠭᠤᠮ᠎ᠠ ᠴᠢᠯᠠᠭᠤ ᠪᠠᠷ ᠴᠤᠬᠢᠵᠤ ᠭᠠᠷᠭᠠᠴᠢᠬᠠᠭᠠᠳ᠂ ᠤᠯᠠᠨ ᠴᠢᠯᠠᠭᠤᠨ ᠤ ᠲᠥᠷᠬᠢᠬᠡᠨ ᠲᠠᠭᠠᠭᠠᠳ

ᠬᠥᠶᠥᠴᠢᠬᠡᠳᠡᠭ ᠪᠠᠶᠢᠯ᠎ᠠ᠃

ᠡᠨ᠋ᠨ ᠪᠠᠶᠢᠳᠠᠯ ᠴᠢᠯᠠᠭᠤᠨ ᠬᠠᠭᠠᠨᠳᠤ ᠤᠯᠤᠰ ᠤᠨ ᠴᠡᠷᠢᠭ ᠬᠡᠬᠦ ᠰᠢᠷᠥᠢ ᠶᠢᠨ ᠲᠥᠮᠡᠨ ᠴᠢᠯᠠᠭᠤᠨ ᠬᠥᠮᠥᠨ ᠲᠠᠢ

ᠬᠥᠴᠥᠷᠬᠡᠭ ᠴᠡᠷᠢᠭ ᠠᠩᠭᠢ ᠪᠥᠷᠢᠯᠳᠥᠬᠦ ᠪᠤᠯᠳᠠᠯ᠎ᠠ ᠥᠷᠬᠦᠯᠵᠢᠯᠡᠵᠡᠢ᠃ ᠮᠠᠨ ᠤ ᠲᠠᠨᠢᠳᠠᠭ ᠬᠠᠶᠢᠷᠤᠪ ᠪᠠᠭᠠᠳᠤᠷ ᠡᠨ᠋ᠨ

ᠬᠥᠴᠥᠷᠬᠡᠭ ᠴᠡᠷᠢᠭ ᠠᠩᠭᠢ ᠶᠢᠨ ᠢᠯᠠᠭᠤᠭᠰᠠᠨ ᠤᠳᠤᠷᠢᠳᠤᠭᠴᠢ ᠪᠠᠶᠢᠯ᠎ᠠ᠃

ᠴᠢᠯᠠᠭᠤᠨ ᠴᠡᠷᠢᠭ ᠤᠨ ᠲᠤᠳᠤᠷ᠎ᠠ ᠬᠠᠶᠢᠷᠤᠪ ᠪᠠᠭᠠᠳᠤᠷ ᠤᠨ ᠵᠤᠭᠤᠰ ᠢᠶᠠᠷ ᠬᠤᠳᠠᠯᠳᠤᠵᠤ ᠠᠪᠤᠭᠰᠠᠨ ᠬᠥᠯᠥᠰᠥᠨ

ᠴᠢᠯᠠᠭᠤᠨ ᠴᠡᠷᠢᠭ ᠤᠳ ᠴᠤ ᠤᠷᠤᠯᠴᠠᠵᠠᠢ᠃

115

ᠬᠠᠶᠢᠷᠤᠪ ᠪᠠᠭᠠᠳᠤᠷ ᠤᠨ ᠴᠡᠷᠢᠭ ᠠᠩᠭᠢ ᠭᠠᠵᠠᠷ ᠪᠤᠯᠭᠠᠨ ᠳᠤ ᠡᠪᠳᠡᠯᠬᠡ ᠬᠢᠵᠤ ᠪᠠᠶᠢᠪᠠ᠃

ᠲᠡᠳᠡ ᠬᠥᠮᠥᠨ ᠲᠥᠷᠥᠯᠬᠢᠳᠡᠨ ᠤ ᠬᠤᠳᠠ ᠵᠥᠭ ᠰᠢᠭᠤᠷᠠᠨ ᠲᠠᠭᠠᠷᠢᠵᠤ ᠪᠠᠶᠢᠯ᠎ᠠ᠃ ᠲᠡᠳᠡᠨ ᠤ ᠬᠠᠷᠠᠯᠠᠨ ᠢᠷᠡᠵᠤ

ᠪᠠᠶᠢᠭ᠎ᠠ ᠰᠥᠷᠯᠢᠭ ᠪᠠᠶᠢᠳᠠᠯ ᠢ ᠬᠠᠷᠠᠬᠤ ᠳᠤ ᠰᠥᠵᠢᠷᠡᠮᠡᠷ ᠶᠤᠮ᠃

ᠶᠠᠪᠠᠭᠠᠨ ᠴᠡᠷᠢᠭ ᠠᠩᠭᠢ ᠨᠢ ᠠᠭᠤᠯᠨ ᠰᠢᠬ ᠨᠡᠬᠦᠬᠡᠳ᠂ ᠰᠠᠯᠬᠢᠨ ᠵᠢᠪᠠᠷ ᠲᠤ ᠲᠡᠭᠳᠡᠭᠦ ᠲᠤᠭᠤᠰᠤᠨ ᠴᠡᠷᠢᠭ ᠤᠳ

᠎ ᠨᠢ ᠤᠭᠳᠠᠷᠭᠤᠢ ᠲᠥᠬᠦᠷᠡᠩ ᠰᠢᠷᠠᠯᠠᠭᠠᠳ᠂ ᠲᠠᠭᠠᠷᠠᠯᠳᠤᠭᠰᠠᠨ ᠭᠠᠵᠠᠷ ᠤᠳ ᠢ ᠴᠤᠬᠤᠶᠢᠬᠤ ᠶᠠᠭᠤᠮ᠎ᠠ ᠥᠬᠡᠢ

ᠪᠤᠯᠳᠠᠯ᠎ᠠ ᠲᠠᠷᠤᠵᠤ ᠪᠠᠶᠢᠯ᠎ᠠ᠃

ᠥᠨᠢ ᠡᠷᠳᠡᠨ ᠤ ᠶᠠᠩᠬᠠᠨ ᠤ ᠬᠥᠷᠢᠶᠡᠯᠡᠩ ᠢᠶᠠᠷ ᠢᠶᠠᠨ ᠰᠡᠬᠦᠯ ᠤᠨ ᠲᠡᠯᠡᠬᠡᠢ ᠶᠢ ᠰᠤᠴᠢᠭᠠᠭᠰᠠᠨ ᠫᠤᠮᠫᠸᠢ ᠵᠡᠷᠬᠡ ᠶᠢᠨ

ᠨᠡᠷ᠎ᠡ ᠠᠯᠳᠠᠷᠳᠤ ᠬᠤᠳᠠᠳ ᠴᠢᠯᠠᠭᠤᠨ ᠴᠡᠷᠢᠭ ᠤᠨ ᠬᠥᠯ ᠳᠤ ᠲᠠᠭᠠᠷᠢᠭᠳᠠᠵᠠᠢ᠃ ᠠᠮᠤᠷ ᠵᠢᠮᠤᠷ ᠵᠢᠷᠭᠠᠯᠳᠤ

ᠠᠮᠢᠳᠤᠷᠠᠯ ᠳᠠᠭᠠᠨ ᠲᠠᠳᠤᠭᠰᠠᠨ ᠫᠤᠮᠫᠸᠢ ᠶᠢᠨ ᠠᠷᠠᠳ ᠢᠷᠬᠡᠳ ᠠᠶᠤᠯ ᠢᠷᠡᠬᠦ ᠶᠢ ᠤᠭᠳᠤᠬᠠᠨ ᠴᠤ ᠰᠡᠷᠡᠭᠡ ᠥᠬᠡᠢ᠂

ᠢᠳᠡᠳᠡᠭ ᠤᠤᠭᠤᠳᠠᠭ ᠢᠶᠠᠨ ᠰᠢᠷᠡᠬᠡᠨ ᠲᠡᠭᠡᠷ᠎ᠡ ᠥᠷᠥᠵᠤ ᠲᠠᠯᠪᠢᠭᠠᠳ᠂ ᠥᠳᠡ ᠶᠢᠨ ᠬᠤᠭᠤᠯᠠᠨ ᠳᠠᠭᠠᠨ ᠤᠷᠤᠮᠠᠷ

ᠪᠠᠶᠢᠭᠰᠠᠨ ᠴᠢᠭ ᠢᠶᠠᠷ ᠢᠶᠠᠨ ᠰᠢᠷᠥᠢ ᠲᠤᠭᠤᠰᠤᠨ ᠳᠤ ᠲᠠᠷᠤᠭᠳᠠᠵᠤ᠂ ᠲᠠᠭᠢᠭᠠᠳ ᠶᠡᠷᠥ ᠬᠥᠳᠡᠯᠵᠤ ᠴᠢᠳᠠᠬᠤ ᠪᠠᠨ

ᠪᠤᠯᠢᠭᠰᠠᠨ ᠠᠵᠢ᠃ ᠰᠡᠬᠦᠯ ᠤᠨ ᠬᠠᠭᠤᠴᠢ ᠰᠤᠳᠤᠯᠤᠭᠴᠢᠳ ᠬᠡᠨᠡᠳᠳᠡ ᠲᠠᠷᠤᠭᠳᠠᠭᠰᠠᠨ ᠫᠤᠮᠫᠸᠢ ᠶᠢᠨ ᠤᠴᠠᠷᠠᠯ ᠢ

ᠲᠥᠰᠥᠬᠡᠯᠡᠵᠤ ᠴᠢᠳᠠᠬᠤ ᠥᠬᠡᠢ ᠳᠡᠭᠡᠨ ᠭᠠᠯᠳᠤ ᠠᠭᠤᠯᠠᠨ ᠤ ᠲᠡᠯᠪᠡᠷᠡᠯᠳᠡ ᠠᠴᠠ ᠪᠤᠯᠵᠠᠢ ᠬᠡᠵᠤ ᠳ᠋ᠥᠡᠭᠨᠡᠬᠡᠳ

ᠬᠥᠮᠥᠰ ᠤᠨ ᠠᠮᠨ ᠶᠢ ᠬᠠᠰᠢᠵᠠᠢ᠃

116

— ᠪᠢᠳᠠ ᠶᠠᠭᠤ ᠴᠤ ᠬᠢᠬᠦ ᠬᠡᠷᠡᠭ ᠥᠬᠡᠢ᠂ ᠪᠢᠳᠠ ᠠᠳᠡ ᠪᠠᠨ ᠬᠥᠯᠢᠶᠡᠶ᠎ᠡ᠃ ᠡᠨ᠋ᠨ ᠴᠠᠭ ᠮᠥᠴᠠ ᠪᠤᠬ᠎ᠠ ᠲᠡᠷᠭᠡ

ᠰᠢᠭ ᠢᠶᠠᠷ ᠤᠨ ᠰᠠᠷ᠎ᠠ ᠪᠠ ᠲᠡᠥᠬᠡ ᠪᠠᠨ ᠴᠢᠷᠥᠬᠡᠳ ᠲᠠᠪᠬᠢᠵᠤ ᠪᠠᠶᠢᠨ᠎ᠠ᠃ ᠪᠢᠳᠠ ᠴᠠᠭ ᠮᠥᠴᠠ ᠶᠢᠨ ᠵᠤᠭᠰᠤᠭᠠᠯ

ᠲᠡᠭᠡᠷ᠎ᠡ ᠬᠥᠯᠢᠶᠡᠵᠤ ᠪᠠᠶᠢᠶ᠎ᠠ᠂ ᠲᠡᠭᠡᠭᠦ ᠳᠤ ᠪᠢᠳᠠᠨ ᠢ ᠡᠬᠡᠳᠡᠷᠡᠬᠡᠨ ᠳᠤ ᠤᠴᠠᠷᠠᠭᠤᠯᠵᠤ ᠪᠠᠶᠢᠭᠰᠠᠨ ᠲᠡᠥᠬᠡ ᠶᠢᠨ ᠴᠠᠭ

᠎ ᠤᠳ ᠥᠷᠳᠡᠬᠡᠨ ᠳᠤ ᠤᠷᠤᠵᠤ ᠢᠷᠡᠨ᠎ᠡ᠃ ᠲᠡᠷᠨ ᠥᠶᠡᠰ ᠪᠢᠳᠠ ᠴᠠᠭ ᠮᠥᠴᠠ ᠶᠢᠨ ᠲᠡᠷᠬᠡᠨ ᠳᠤ ᠭᠠᠷᠴᠤ᠂ ᠲᠠᠷᠨ

ᠸᠠᠭᠤᠨ ᠤ ᠲᠠᠰᠤᠯᠭ᠎ᠠ ᠳᠤ ᠪᠠᠶᠢᠭᠰᠠᠨ ᠬᠡᠨ ᠪᠥᠬᠦᠳᠡ ᠶᠢ ᠬᠢᠳᠤᠵᠤ᠂ ᠥᠰᠢᠶ᠎ᠡ ᠬᠤᠷᠤᠰᠤᠯ ᠢᠶᠠᠨ ᠲᠠᠶᠢᠯᠵᠤ

ᠪᠤᠯᠤᠨ᠎ᠠ ᠬᠡᠵᠤ ᠬᠠᠶᠢᠷᠤᠪ ᠪᠠᠭᠠᠳᠤᠷ ᠴᠢᠯᠠᠭᠤᠨ ᠴᠡᠷᠢᠭ ᠤᠳ ᠲᠡᠭᠡᠨ ᠵᠠᠬᠢᠵᠠᠢ᠃

ᠡᠨ᠋ᠨ ᠪᠤᠯ ᠤᠷᠠᠨ ᠰᠠᠨᠠᠭᠠᠨ ᠤ ᠬᠥᠴᠥᠨ ᠢᠶᠠᠷ ᠪᠤᠢ ᠪᠤᠯᠤᠭᠰᠠᠨ ᠭᠠᠶᠢᠬᠠᠮᠰᠢᠬᠳᠠᠢ ᠲᠥᠰᠥᠬᠡᠯᠡᠯ ᠪᠠᠶᠢᠪᠠ᠃

ᠠᠶᠤᠮᠰᠢᠬᠳᠠᠢ ᠨᠢ ᠬᠡᠪᠡᠯ ᠡᠨ᠋ᠨ ᠤᠴᠢᠷ ᠥᠨᠡᠨ ᠪᠠᠶᠢᠳᠠᠯ ᠳᠤ ᠨᠡᠶᠢᠴᠡᠵᠡᠢ᠃

ᠴᠢᠯᠠᠭᠤᠨ ᠬᠥᠮᠥᠰ ᠤᠨ ᠭᠠᠶᠢᠬᠠᠯᠳᠠᠢ ᠲᠡᠰᠪᠥᠷᠢᠳᠡᠢ ᠵᠠᠩ ᠠᠷᠠᠨᠰᠢᠨ ᠨᠢ ᠲᠡᠳᠡᠨ ᠢ ᠴᠠᠭ ᠤᠨ ᠭᠠᠳᠠᠨᠠᠬᠢ ᠵᠤᠭᠰᠤᠭᠠᠯ

᠎ ᠳᠤ ᠬᠥᠯᠢᠴᠡᠩᠭᠦᠢ ᠬᠥᠯᠢᠶᠡᠬᠦ ᠳᠤ ᠲᠤᠰᠠᠯᠠᠵᠤ ᠪᠠᠶᠢᠯ᠎ᠠ᠃ ᠴᠠᠭ ᠮᠥᠴᠠ ᠶᠢᠨ ᠲᠡᠷᠬᠡ ᠡᠮᠥᠨᠡᠰᠢ ᠤᠭᠤᠬᠢᠯᠠᠨ

ᠲᠠᠪᠬᠢᠬᠤ ᠳᠤ᠂ ᠴᠢᠯᠠᠭᠤᠨ ᠬᠥᠮᠥᠰ ᠪᠥᠬᠦᠳᠡᠬᠡᠷ ᠢᠶᠠᠨ ᠥᠬᠡ ᠶᠠᠷᠢᠬᠤ ᠥᠬᠡᠢ᠂ ᠠᠮᠢᠰᠬᠤᠬᠤ ᠴᠤ ᠥᠬᠡᠢ ᠪᠠᠷ

ᠡᠷᠬᠢᠨ ᠲᠤᠭᠤᠷᠢᠨ ᠤ ᠴᠠᠭ ᠤᠨ ᠭᠠᠳᠠᠨᠠᠬᠢ ᠬᠥᠳᠡᠯᠬᠡᠬᠡᠨ ᠢ ᠵᠤᠭᠰᠤᠭᠠᠵᠤ᠂ ᠲᠠᠭᠢᠨ ᠬᠥᠳᠡᠯᠬᠡᠵᠤ ᠪᠠᠶᠢᠪᠠ᠃

ᠬᠠᠶᠢᠷᠤᠪ ᠪᠠᠭᠠᠳᠤᠷ ᠤᠨ ᠰᠠᠨᠠᠭᠰᠠᠨ ᠶᠤᠰᠤᠭᠠᠷ᠂ ᠲᠡᠥᠬᠡ ᠶᠢᠨ ᠡᠬᠡᠵᠡᠭ ᠲᠠᠢ ᠶᠠᠪᠤᠳᠠᠯ ᠤᠳ ᠥᠷᠳᠡᠬᠡᠨ ᠳᠤ

ᠤᠷᠤᠵᠤ ᠢᠷᠡᠬᠡᠳ᠂ ᠥᠴᠥᠬᠡᠨ ᠵᠤᠭᠰᠤᠰᠬᠢᠵᠤ᠂ ᠠᠯᠤᠰ ᠲᠡᠷᠳᠡᠭᠡ ᠲᠠᠪᠬᠢᠬᠤ ᠪᠤᠬ᠎ᠠ ᠲᠡᠷᠬᠡᠨ ᠤ ᠪᠠᠨ ᠴᠢᠷᠥᠯᠳᠡ

᠎ ᠪᠠᠷ ᠥᠷᠳᠡᠬᠡᠨ ᠠᠴᠠ ᠭᠠᠷᠤᠨ ᠲᠠᠪᠬᠢᠨ ᠤᠳᠴᠠᠭᠠᠵᠤ ᠪᠠᠶᠢᠯ᠎ᠠ᠃

ᠲᠡᠷᠨ ᠬᠤᠷᠤᠮ ᠳᠤ᠂ ᠬᠠᠶᠢᠷᠤᠪ ᠪᠠᠭᠠᠳᠤᠷ ᠤᠨ ᠴᠢᠯᠠᠭᠤᠨ ᠴᠠᠭᠳᠠᠭᠴᠢᠳ᠂ ᠴᠠᠭ ᠤᠨ ᠸᠠᠭᠤᠨ ᠳᠤ ᠰᠢᠷᠭᠤᠯᠠᠨ

ᠭᠠᠷᠴᠤ᠂ ᠥᠰ ᠲᠠᠢ ᠬᠡᠨ ᠪᠥᠬᠦᠳᠡ ᠶᠢ ᠨᠡᠩᠵᠢᠨ ᠭᠠᠷᠭᠠᠭᠠᠳ᠂ ᠥᠷᠳᠡᠬᠡᠨ ᠤ ᠵᠤᠭᠰᠤᠭᠠᠯ ᠲᠡᠭᠡᠷ᠎ᠡ ᠰᠢᠭᠤᠳ

ᠴᠠᠭᠠᠵᠠᠯᠠᠵᠤ ᠪᠠᠶᠢᠪᠠ᠃ ᠲᠡᠥᠬᠡᠨ ᠳᠤ ᠬᠢ ᠨᠡᠷ᠎ᠡ ᠠᠯᠳᠠᠷ ᠲᠠᠢ ᠲᠠᠷᠨᠢᠴᠢᠳ᠂ ᠴᠢᠯᠠᠭᠤ ᠪᠠᠷ ᠠᠯᠳᠠ

ᠬᠤᠪᠢᠯᠭᠠᠭᠴᠢᠳ᠂ ᠤᠯᠤᠰ ᠤᠨ ᠬᠠᠭᠠᠳ᠂ ᠨᠡᠷ᠎ᠡ ᠠᠯᠳᠠᠷ ᠲᠠᠢ ᠰᠡᠶᠢᠯᠥᠮᠡᠯᠴᠢᠳ᠂ ᠴᠠᠭ ᠤᠨ ᠸᠠᠭᠤᠨ ᠳᠠᠭᠠᠨ

ᠲᠡᠨᠴᠢᠬᠦᠷᠡᠨ ᠰᠠᠭᠤᠭᠰᠠᠭᠠᠷ᠂ ᠨᠢᠬᠡ ᠮᠡᠳᠡᠬᠦ ᠳᠤ ᠪᠠᠷᠢᠪᠴᠢᠯᠠᠭᠳᠠᠨ ᠴᠠᠭᠠᠵᠠᠯᠠᠭᠳᠠᠭᠠᠳ᠂ ᠲᠡᠥᠬᠡ ᠶᠢᠨ ᠲᠡᠷᠬᠡᠨ ᠤ

ᠪᠢᠯᠧᠲ ᠠᠴᠠ ᠨᠡᠷ᠎ᠡ ᠪᠠᠨ ᠠᠷᠴᠢᠭᠤᠯᠪᠠ᠃

117

ᠬᠠᠶᠢᠷᠤᠪ ᠪᠠᠭᠠᠳᠤᠷ ᠴᠠᠭ ᠮᠥᠴᠡ ᠶᠢ ᠵᠤᠭᠰᠤᠭᠠᠵᠤ᠂ ᠠᠬᠢᠨ ᠬᠥᠳᠡᠯᠬᠡᠵᠤ ᠪᠠᠶᠢᠬᠤ ᠳᠠᠭᠠᠨ ᠴᠢᠯᠠᠭᠤᠨ ᠲᠠᠷᠬᠠᠨ

MANU᠎ ᠶᠢᠨ ᠴᠡᠴᠡᠷᠯᠢᠭ ᠢ ᠡᠪᠳᠡᠯᠦᠬᠡᠳ ᠠᠭᠤᠷ ᠢ ᠨᠢ ᠬᠥᠳᠡᠯᠬᠡᠵᠡᠢ᠃ MANU ᠨᠢᠬᠡ ᠥᠷᠯᠥᠬᠡ

ᠪᠤᠰᠤᠭᠠᠳ᠂ ᠭᠠᠷᠬᠤ ᠪᠠᠷ ᠶᠠᠪᠤᠵᠤ ᠪᠠᠶᠢᠬᠤ ᠳᠠᠭᠠᠨ᠂ ᠨᠥᠮᠥᠬᠡᠨ ᠴᠡᠩᠭᠡᠷ ᠮᠠᠨᠠᠨ ᠲᠠᠢ ᠭᠤᠤᠯ ᠤᠨ ᠬᠥᠪᠡᠭᠡ ᠪᠠᠷ

ᠴᠢᠯᠥᠬᠡᠳᠡᠢ ᠨᠤᠭᠤᠭᠠᠷᠠᠵᠤ ᠪᠠᠶᠢᠭᠰᠠᠨ ᠴᠡᠴᠡᠷᠯᠢᠭ ᠢ ᠨᠢ ᠥᠨᠳᠥᠷ ᠥᠨᠳᠥᠷ ᠠᠰᠠᠷ ᠲᠠᠭᠳᠤ ᠢᠷᠡᠬᠡᠳ

ᠲᠠᠷᠤᠴᠢᠬᠠᠭᠰᠠᠨ ᠢ ᠬᠡᠷᠳ᠋ᠬᠢᠨ ᠬᠠᠷᠠᠵᠠᠢ᠃ ᠡᠳᠡᠬᠡᠷ ᠠᠰᠠᠷ ᠲᠠᠭᠳᠤ ᠭᠠᠵᠠᠷ ᠲᠤᠤᠷ᠎ᠠ ᠠᠴᠠ ᠬᠡᠨᠡᠳᠳᠡ ᠯᠨ ᠪᠤᠰᠤᠭᠠᠳ

ᠲᠡᠭᠦᠨ ᠤ ᠴᠡᠴᠡᠷᠯᠢᠭ ᠲᠤ ᠨᠢ ᠤᠷᠭᠤᠴᠢᠬᠠᠭᠰᠠᠨ ᠠᠵᠢ᠃

ᠡᠨ᠋ᠨ ᠰᠢᠨᠡᠬᠡᠨ ᠪᠤᠰᠤᠭᠰᠠᠨ ᠬᠤᠳᠠ ᠶᠢ ᠬᠢᠶ᠎ᠠ ᠪᠠᠭᠰᠢ ᠰᠢᠨ᠎ᠡ ᠲᠤᠭᠤᠷᠢᠭ ᠬᠡᠨ᠎ᠡ᠃ ᠬᠤᠳᠠ ᠶᠢᠨ ᠵᠠᠰᠠᠭ ᠤᠨ

ᠤᠷᠳᠤᠨ ᠤ ᠭᠤᠷᠪᠠᠨ ᠠᠰᠠᠷ ᠤᠨ ᠡᠮᠥᠨ᠎ᠡ ᠥᠨᠢ ᠡᠷᠳᠡᠨ ᠤ ᠠᠭᠤᠤ ᠶᠡᠭᠡ ᠬᠠᠭᠠᠨ ᠴᠢᠩᠭᠢᠰ ᠢ ᠲᠤᠷᠠᠰᠬᠠᠭᠰᠠᠨ

ᠠᠭᠤᠳᠠᠮ ᠲᠠᠯᠠᠪᠠᠢ ᠭᠠᠷᠭᠠᠵᠠᠢ᠃ ᠲᠡᠭᠦᠨ ᠤ ᠲᠡᠭᠡᠷ᠎ᠡ ᠴᠢᠩᠭᠢᠰ ᠬᠠᠭᠠᠨ ᠤ ᠥᠢᠯᠨ ᠶᠠᠪᠤᠳᠠᠯ ᠢ ᠨᠢ ᠤᠷᠠᠯᠢᠭ

ᠥᠬᠡᠶᠢᠬᠡᠨ ᠰᠡᠶᠢᠯᠥᠭᠰᠡᠨ ᠠᠤᠭ᠎ᠠ ᠲᠤᠮᠤ ᠬᠥᠷᠡᠯ ᠱᠤᠭᠤᠮᠠᠯ ᠤᠳ᠂ ᠲᠡᠭᠦᠨ ᠠᠴᠠ ᠡᠮᠥᠨᠡᠰᠢ ᠴᠢᠩᠭᠢᠰ ᠬᠠᠭᠠᠨ ᠤ

ᠬᠤᠶᠠᠷ ᠵᠠᠭᠠᠯ ᠢ ᠪᠠᠰᠨ ᠯᠨ ᠠᠤᠭ᠎ᠠ ᠲᠤᠮᠤ ᠬᠥᠷᠡᠯ ᠢᠶᠠᠷ ᠲᠡᠭᠷᠢ ᠥᠬᠡᠳᠡ ᠴᠤᠷᠦ᠋ᠢᠯᠭᠠᠨ ᠱᠤᠭᠤᠭᠰᠠᠨ ᠪᠠᠶᠢᠬᠤ ᠠᠵᠢ

ᠲᠡᠭᠦᠨ ᠠᠴᠠ ᠡᠮᠥᠨᠡᠰᠢ ᠨᠤᠮ ᠤᠨ ᠰᠠᠩ ᠤᠨ ᠠᠰᠠᠷ ᠬᠡᠭᠳᠡᠬᠦ ᠭᠤᠷᠪᠠᠨ ᠲᠤᠮᠤ ᠨᠤᠮ ᠢ ᠪᠤᠰᠬᠠᠨ ᠲᠠᠯᠪᠢᠭᠰᠠᠨ

ᠪᠠᠶᠢᠬᠤ ᠪᠥᠬᠡᠳ ᠲᠡᠳᠡᠭᠡᠷ ᠨᠤᠮ ᠤᠨ ᠨᠡᠷ᠎ᠡ ᠨᠢ ᠰᠡᠶᠢᠯᠥᠭᠳᠡᠬᠦ ᠠᠴᠠ ᠪᠠᠨ ᠡᠮᠥᠨ᠎ᠡ ᠰᠠᠯᠬᠢᠨ ᠳᠤ ᠠᠷᠴᠢᠭᠳᠠᠨ ᠠᠯᠠᠭ᠎ᠠ

ᠪᠤᠯᠤᠭᠰᠠᠨ ᠪᠠᠶᠢᠪᠠ᠃

ᠠᠳᠡ ᠡᠷᠳᠡᠨ ᠤ ᠤᠤᠭᠠᠯ ᠤᠳ ᠤᠨ ᠪᠤᠯᠤᠨ ᠰᠡᠬᠦᠯ ᠤᠨ ᠥᠶ᠎ᠡ ᠶᠢᠨ ᠰᠠᠭᠤᠭᠠᠯᠢᠴᠢᠳ ᠤᠨ ᠠᠮᠢᠳᠤᠷᠠᠯ ᠤᠨ ᠠᠶ᠋ᠢᠭ

ᠵᠠᠩ᠂ ᠬᠥᠳᠡᠯᠬᠡᠬᠡᠨ ᠤ ᠵᠤᠷᠰᠢᠯ ᠰᠢᠷᠥᠬᠦᠨ ᠵᠥᠷᠢᠴᠠᠯᠳᠥᠵᠡᠢ᠃ ᠲᠤᠭᠤᠨᠤᠯᠵᠢᠨ ᠵᠠᠮ ᠲᠡᠭᠡᠷ᠎ᠡ ᠪᠠᠷᠠᠭᠤᠨ ᠠᠴᠠ

ᠵᠡᠬᠦᠨᠰᠢ ᠥᠡᠭᠭᠡᠷᠡᠬᠦ ᠲᠡᠷᠬᠡ ᠮᠠᠰᠢᠨ ᠤ ᠤᠷᠤᠰᠬᠠᠯ ᠡᠮᠥᠨ᠎ᠡ ᠠᠴᠠ ᠬᠤᠶᠢᠰᠢ ᠭᠤᠤᠯ ᠳᠤ ᠤᠰᠤ ᠤᠤᠭᠤᠬᠤ ᠪᠠᠷ

ᠶᠠᠪᠤᠵᠤ ᠪᠠᠶᠢᠭᠰᠠᠨ ᠥᠰᠥᠳᠤ ᠬᠡᠷᠢᠰ ᠤᠨ ᠰᠥᠷᠥᠭ ᠲᠠᠢ ᠲᠠᠭᠠᠷᠠᠯᠳᠤᠵᠤ᠂ ᠬᠡᠨ ᠬᠡᠨ ᠳᠡᠭᠡᠨ ᠵᠠᠮ ᠲᠠᠯᠪᠢᠬᠤ ᠥᠬᠡᠢ

᠎ ᠠᠴᠠ ᠪᠤᠯᠵᠤ᠂ ᠠᠭᠤᠷᠰᠠᠭᠰᠠᠨ ᠬᠢᠷᠢᠰ ᠤᠳ ᠤᠭᠤᠬᠢᠯᠠᠨ᠂ ᠲᠡᠷᠬᠡ ᠮᠠᠰᠢᠨ ᠤ ᠪᠥᠷᠢᠶᠡᠨ ᠲᠠᠭᠤᠨ ᠬᠠᠨᠭ᠍ᠭᠢᠨᠠᠯᠳᠤᠵᠤ᠂

ᠥᠢᠮᠡᠬᠡᠨ ᠰᠠᠮᠠᠭᠤᠨ ᠲᠡᠭᠳᠡᠵᠤ ᠪᠠᠶᠢᠪᠠ᠃

118

ᠬᠠᠶᠢᠷᠤᠪ ᠪᠠᠭᠠᠳᠤᠷ ᠤᠨ ᠲᠠᠭᠠᠭᠤᠯᠤᠭᠰᠠᠨ ᠰᠢᠷᠥᠢ ᠴᠢᠯᠠᠭᠤᠨ ᠤ ᠴᠡᠷᠢᠭ ᠤᠳ ᠠᠹᠷᠢᠺᠠ ᠲᠢᠪ ᠤᠨ ᠬᠤᠶᠢᠳᠤ

ᠬᠡᠰᠡᠭ ᠲᠤ ᠬᠥᠮᠥᠨ ᠲᠥᠷᠥᠯᠬᠢᠳᠡᠨ ᠪᠤᠯᠤᠨ ᠨᠢᠶᠠᠨᠳᠡᠷᠽᠠᠨᠢᠯᠰ ᠨᠦᠭᠦᠳ ᠤᠨ ᠬᠤᠭᠤᠷᠤᠨᠳᠤ ᠪᠤᠯᠤᠭᠰᠠᠨ ᠲᠠᠶᠢᠨ ᠳᠤ

ᠮᠡᠳᠡᠬᠦ ᠲᠠᠢ ᠮᠡᠳᠡᠬᠦ ᠥᠬᠡᠢ ᠶᠢᠨ ᠬᠤᠭᠤᠷᠤᠨᠳᠤ ᠤᠷᠤᠯᠴᠠᠭᠰᠠᠨ ᠪᠠᠶᠢᠨ᠎ᠠ᠃

ᠥᠯᠥᠭ ᠬᠥᠷᠪᠡᠯ ᠤᠨ ᠴᠠᠭ ᠥᠶ᠎ᠡ ᠠᠴᠠ ᠥᠯᠡᠳᠡᠵᠤ ᠢᠷᠡᠭᠰᠡᠨ ᠨᠢᠶᠠᠨᠳᠠᠷᠽᠠᠨᠢᠯᠰ ᠨᠤᠭᠤᠳ ᠪᠤᠯ ᠶᠤᠰᠤᠨ ᠳᠠᠭᠠᠨ

ᠰᠡᠬᠦᠯ ᠤᠨ ᠥᠶ᠎ᠡ ᠶᠢᠨ ᠬᠥᠮᠥᠨ ᠲᠥᠷᠥᠯᠬᠢᠳᠡᠨ ᠪᠤᠯᠬᠤ ᠶᠤᠰᠤᠳᠠᠢ ᠠᠮᠢᠳᠠᠳ ᠪᠠᠶᠢᠬ᠎ᠠ᠃ ᠲᠡᠳᠡᠨ ᠤ ᠭᠠᠳᠠᠷ

ᠲᠥᠷᠰᠥ ᠤᠳᠤ ᠶᠢᠨ ᠪᠢᠳᠠᠨ ᠤ ᠬᠠᠷᠠᠵᠤ ᠪᠠᠶᠢᠭ᠎ᠠ ᠬᠥᠮᠥᠨ ᠲᠥᠷᠥᠯᠬᠢᠳᠡᠨ ᠲᠠᠢ ᠮᠠᠰᠢ ᠠᠳᠠᠯᠢᠪᠳᠤᠷ᠂ ᠬᠡᠪᠡᠴᠥ

ᠤᠳᠤ ᠶᠢᠨ ᠬᠥᠮᠥᠨ ᠠᠴᠠ ᠬᠠᠪᠢ ᠥᠬᠡᠢ ᠬᠠᠷᠠᠤ ᠪᠢᠷ᠎ᠠ ᠲᠠᠢ᠂ ᠵᠡᠪᠰᠡᠭ ᠪᠠ ᠭᠠᠯ ᠬᠡᠷᠡᠭᠯᠡᠳᠡᠭ ᠥᠬᠡᠢ᠂ ᠠᠷᠪᠠᠨ

ᠨᠠᠷᠨᠨ ᠤ ᠰᠡᠬᠦᠯᠡᠷ ᠢᠷᠡᠭᠰᠡᠨ ᠮᠥᠰᠥᠳᠥᠯᠬᠡ ᠶᠢᠨ ᠴᠠᠭ ᠥᠶ᠎ᠡ ᠠᠴᠠ ᠪᠤᠯᠵᠤ ᠪᠥᠬᠦ ᠪᠡᠶ᠎ᠡ ᠳᠤ ᠨᠢ ᠬᠠᠯᠢᠭᠤᠪᠳᠤᠷ

ᠵᠤᠵᠠᠭᠠᠨ ᠥᠰᠥ ᠤᠷᠭᠤᠴᠢᠬᠠᠭᠰᠠᠨ ᠲᠡᠶᠢᠮᠥ ᠯᠨ ᠶᠠᠭᠤᠮᠠᠰ ᠪᠠᠶᠢᠵᠠᠢ᠃ ᠨᠦᠢᠷᠮᠤᠭ ᠰᠠᠬᠢᠭᠤᠯᠰᠤᠨ ᠬᠥᠮᠥᠨ ᠢ

ᠵᠤᠬᠢᠶᠠᠭ᠎ᠠ ᠥᠬᠡᠢ ᠪᠤᠯ ᠡᠳᠡ ᠯᠨ ᠰᠡᠬᠦᠯ ᠤᠨ ᠥᠶ᠎ᠡ ᠶᠢᠨ ᠬᠥᠮᠥᠨ ᠬᠡᠬᠦ ᠤᠶᠢᠯᠠᠭᠠᠭᠳᠠᠬᠤᠨ ᠢ ᠤᠷᠤᠯᠠᠬᠤ ᠶᠤᠰᠤᠳᠠᠢ

ᠪᠠᠶᠢᠪᠠ᠃

ᠬᠡᠷᠪᠡ ᠠᠹᠷᠢᠺᠠ ᠲᠢᠪ ᠤᠨ ᠬᠤᠶᠢᠳᠤ ᠬᠡᠰᠡᠭ ᠲᠤ ᠪᠤᠯᠤᠭᠰᠠᠨ ᠲᠡᠷᠨ ᠤᠳᠠᠭᠠᠨ ᠤ ᠲᠤᠮᠤᠭ ᠰᠢᠬ ᠲᠠᠶᠢᠨ ᠡᠬᠦᠰᠥᠬᠡ

ᠥᠬᠡᠢ ᠪᠤᠯ᠂ ᠨᠢᠶᠠᠨᠳᠠᠷᠽᠠᠨᠢᠯᠰ ᠤᠨ ᠥᠷ᠎ᠡ ᠬᠤᠶᠢᠴᠢᠰ ᠨᠢ ᠬᠢᠳᠤᠭᠳᠠᠨ ᠲᠠᠭᠤᠰᠬᠤ ᠥᠬᠡᠢ ᠪᠠᠶᠢᠭᠰᠠᠨ᠂

ᠴᠥᠬᠡᠪᠳᠥᠷ ᠥᠯᠡᠳᠡᠭᠰᠡᠨ ᠵᠠᠷᠢᠮ ᠨᠢ ᠡᠾᠢᠮᠠᠯᠢᠶ᠎ᠠ ᠠᠭᠤᠯᠠᠨ ᠤ ᠵᠠᠷᠢᠮ ᠭᠠᠵᠠᠷ᠂ ᠠᠯᠳᠠᠢ ᠠᠭᠤᠯᠠᠨ ᠤ ᠵᠠᠷᠢᠮ ᠭᠠᠵᠠᠷ

᠎ ᠤᠨ ᠪᠡᠷᠬᠡ ᠪᠠᠷᠳᠠᠭ᠎ᠠ ᠲᠠᠢ ᠤᠢ ᠲᠤᠮᠳᠠᠭᠤᠷ ᠰᠢᠷᠭᠤᠵᠤ ᠨᠢᠭᠤᠭᠳᠠᠵᠤ ᠶᠠᠪᠤᠬᠤ ᠥᠬᠡᠢ ᠴᠤ ᠪᠠᠶᠢᠭᠰᠠᠨ ᠪᠢᠵᠨ︖

ᠶᠠᠭᠤ ᠴᠤ ᠬᠡᠰᠡᠨ ᠬᠥᠮᠥᠰ ᠲᠡᠳᠡᠨ ᠤ ᠥᠷ᠎ᠡ ᠬᠤᠶᠢᠴᠢᠰ ᠢ ᠴᠠᠰᠤᠨ ᠬᠥᠮᠥᠨ ᠬᠡᠳᠡᠯ᠎ᠡ ᠠᠯᠮᠠᠰ ᠬᠡᠮᠡᠨ ᠨᠡᠷᠡᠯᠡᠵᠤ᠂

ᠲᠡᠳᠡᠨ ᠲᠠᠢ ᠬᠡᠬᠡᠷ᠎ᠡ ᠭᠠᠳᠠᠨ᠎ᠠ ᠬᠡᠨᠡᠳᠳᠡ ᠬᠠᠷᠭᠤᠬᠤ ᠠᠴᠠ ᠵᠠᠯᠪᠠᠷᠢᠨ ᠬᠡᠷᠰᠡᠥᠯᠡᠬᠦ ᠬᠡᠷᠡᠭ ᠥᠬᠡᠢ ᠪᠠᠶᠢᠭᠰᠨᠨ ᠪᠢᠵᠨ᠃

ᠬᠡᠪᠡᠴᠥ ᠲᠡᠶᠢᠮᠥ ᠯᠨ ᠪᠤᠯᠵᠤᠭ᠎ᠠ ᠲᠠᠢ ᠤᠴᠢᠷ ᠤᠨ ᠲᠡᠭᠡᠵᠤ ᠡᠬᠦᠰᠬᠦ ᠶᠢ ᠬᠡᠨ ᠴᠤ ᠬᠤᠷᠢᠭᠯᠠᠵᠤ ᠴᠢᠳᠠᠭ᠎ᠠ ᠥᠬᠡᠢ᠃

ᠬᠥᠮᠥᠨ ᠲᠥᠷᠥᠯᠬᠢᠳᠡᠨ᠂ ᠠᠷᠪᠠᠨ ᠨᠠᠷᠠᠨ ᠤ ᠰᠢᠷᠠᠯᠳᠠ ᠶᠢᠨ ᠭᠤᠤᠯ ᠤᠷᠤᠨ ᠪᠤᠯᠤᠭᠰᠠᠨ ᠠᠹᠷᠢᠺᠠ ᠲᠢᠪ ᠠᠴᠠ

ᠵᠠᠶᠢᠯᠠᠵᠤ᠂ ᠬᠥᠮᠥᠨ ᠲᠥᠷᠥᠯᠬᠢᠳᠡᠨ ᠤ ᠲᠡᠥᠬᠡᠨ ᠳᠤ ᠬᠢ ᠬᠠᠮᠤᠭ ᠠᠩᠬᠠᠨ ᠤ ᠨᠡᠯᠥᠩᠬᠡᠢ ᠨᠡᠬᠦᠳᠡᠯ ᠬᠢᠬᠦ ᠭᠡᠳ

ᠨᠢᠶᠠᠨᠳᠠᠷᠽᠠᠨᠢᠯᠰ ᠨᠤᠭᠤᠳ ᠤᠨ ᠡᠰᠡᠷᠬᠦᠴᠠᠯ ᠢ ᠤᠯᠵᠠᠢ᠃ ᠬᠥᠮᠥᠨ ᠲᠥᠷᠥᠯᠬᠢᠳᠡᠨ᠂ ᠠᠹᠷᠢᠺᠠ ᠲᠢᠪ ᠠᠴᠠ ᠭᠠᠷᠴᠤ

ᠵᠡᠬᠦᠨᠰᠢ ᠨᠡᠬᠦᠬᠦ ᠳᠡᠭᠡᠨ ᠨᠢᠶᠠᠨᠳᠠᠷᠽᠠᠨᠢᠯᠰ ᠨᠤᠭᠤᠳ ᠤᠨ ᠡᠵᠡᠯᠡᠩ ᠤᠨ ᠭᠠᠵᠠᠷ ᠤᠳ ᠢᠶᠠᠷ ᠵᠠᠪᠠᠯ ᠥᠡᠭᠭᠡᠷᠡᠭᠦ

ᠬᠡᠷᠡᠭᠲᠠᠢ ᠪᠠᠶᠢᠯ᠎ᠠ᠃

ᠬᠥᠮᠥᠨ ᠲᠥᠷᠥᠯᠬᠢᠳᠡᠨ ᠨᠦᠭᠦᠳ ᠢ ᠵᠡᠬᠦᠨᠰᠢ ᠲᠠᠯᠪᠢᠵᠤ ᠥᠡᠭᠭᠡᠷᠡᠭᠡᠪᠡᠯ᠂ ᠥᠪᠡᠷᠰᠡᠳ ᠢᠶᠠᠨ ᠲᠡᠥᠬᠡ ᠶᠢᠨ

ᠬᠥᠭᠵᠢᠯᠳᠡ ᠶᠢᠨ ᠬᠤᠷᠳᠤᠨ ᠲᠡᠷᠭᠡᠨ ᠠᠴᠠ ᠬᠠᠶᠠᠭᠳᠠᠨ ᠬᠤᠴᠤᠷᠤᠨ᠎ᠠ ᠬᠡᠳᠡᠭ ᠢᠶᠠᠨ ᠨᠢᠶᠠᠨᠳᠠᠷᠽᠠᠨᠢᠯᠰ ᠨᠤᠭᠤᠳ

ᠰᠡᠷᠬᠡᠭ ᠲᠠᠨᠢᠵᠠᠢ᠃ ᠬᠥᠮᠥᠨ ᠲᠥᠷᠥᠯᠬᠢᠳᠡᠨ ᠢ ᠠᠹᠷᠢᠺᠠ ᠲᠢᠪ ᠠᠴᠠ ᠭᠠᠷᠤᠭ᠎ᠠ ᠥᠬᠡᠢ ᠪᠠᠶᠢᠬᠤ ᠳᠤ ᠨᠢ᠂ ᠲᠡᠯᠡᠬᠡᠢ

ᠲᠥᠬᠦᠷᠳᠡᠯ᠎ᠡ ᠥᠷᠡᠵᠢᠨ ᠲᠡᠯᠬᠡᠷᠡᠬᠦ ᠠᠴᠠ ᠨᠢ ᠡᠮᠥᠨ᠎ᠡ ᠤᠰᠠᠳᠬᠠᠬᠤ ᠶᠢ ᠲᠡᠳᠡ ᠵᠤᠷᠢᠵᠠᠢ᠃

ᠶᠡᠭᠡ ᠬᠡᠪᠴᠢᠶᠡᠨ ᠤ ᠲᠠᠶᠢᠨ ᠡᠬᠢᠯᠡᠬᠦ ᠠᠴᠠ ᠡᠮᠥᠨ᠎ᠡ ᠪᠤᠯᠤᠭᠰᠠᠨ ᠪᠠᠭ᠎ᠠ ᠰᠠᠭ᠎ᠠ ᠨᠥᠳᠥᠯᠴᠡᠬᠡᠨ ᠳᠤ ᠨᠢᠶᠠᠨᠳᠠᠷᠽᠠᠨᠢᠯᠰ

᠎ ᠨᠤᠭᠤᠳ ᠤᠨ ᠪᠡᠶ᠎ᠡ ᠪᠢᠯᠳᠠᠷ᠂ ᠪᠢᠷ᠎ᠠ ᠲᠡᠩᠭᠡᠭᠡ ᠲᠡᠳᠡᠨ ᠢ ᠠᠰᠢᠬᠳᠤ ᠪᠠᠶᠢᠷᠢᠨ ᠳᠤ ᠤᠷᠤᠭᠤᠯᠪᠠ᠃ ᠬᠠᠷᠢᠨ ᠲᠡᠳᠡᠨ

᠎ ᠤ ᠡᠰᠡᠷᠬᠦ ᠬᠥᠮᠥᠨ ᠲᠥᠷᠥᠯᠬᠢᠳᠡᠨ ᠤ ᠪᠠᠶ᠎ᠠ ᠪᠠᠶᠢᠳᠠᠯ ᠡᠴᠡᠩᠭᠡᠢ ᠵᠢᠭᠵᠢᠬᠡᠷ᠂ ᠠᠳᠬᠤᠭᠰᠠᠨ ᠰᠢᠳᠠᠮ ᠢᠶᠠᠷ ᠪᠠᠶᠢᠨ

ᠪᠠᠶᠢᠨ ᠬᠠᠷᠢᠭᠤᠴᠠᠬᠤ ᠲᠡᠳᠥᠢ ᠪᠠᠶᠢᠵᠠᠢ᠃

ᠬᠡᠪᠡᠴᠥ ᠲᠡᠯᠡᠬᠡᠢ ᠶᠢ ᠲᠤᠭᠤᠷᠢᠭᠠᠳ ᠲᠥᠬᠡᠷᠢᠵᠤ ᠪᠤᠳᠤᠯᠢᠵᠤ ᠶᠠᠪᠤᠭᠰᠠᠨ ᠬᠠᠶᠢᠷᠤᠪ ᠪᠠᠭᠠᠳᠤᠷ ᠤᠨ ᠰᠢᠷᠥᠢ

ᠴᠢᠯᠠᠭᠤᠨ ᠴᠡᠷᠢᠭ ᠬᠡᠨᠡᠳᠳᠡ ᠪᠠᠶᠢᠯᠳᠤᠭᠠᠨ ᠳᠤ ᠤᠷᠤᠯᠴᠠᠪᠠ᠃ ᠲᠡᠳᠡ ᠰᠠᠨᠠᠮᠰᠠᠷ ᠥᠬᠡᠢ ᠶᠠᠪᠤᠵᠤ ᠪᠠᠶᠢᠭᠠᠳ ᠲᠠᠶᠢᠨ

᠎ ᠤ ᠲᠠᠯᠠᠪᠠᠢ ᠳᠤ ᠤᠷᠤᠭᠠᠳ ᠢᠷᠡᠭᠰᠡᠨ ᠳᠤ ᠬᠥᠴᠥ ᠲᠡᠩᠭᠡᠭᠡ ᠲᠠᠢ ᠨᠢᠶᠠᠨᠳᠠᠷᠽᠠᠨᠢᠯᠰ ᠨᠤᠭᠤᠳ ᠲᠡᠳᠡᠨ ᠢ ᠡᠰᠡᠷᠬᠦᠴᠠᠨ

ᠲᠤᠯᠵᠠᠢ᠃

ᠲᠠᠶᠢᠨ ᠤ ᠰᠢᠨᠵᠢ ᠴᠢᠨᠠᠷ ᠨᠢ ᠨᠢᠬᠡᠨᠳᠡ ᠬᠤᠪᠢᠷᠠᠵᠤ᠂ ᠬᠥᠮᠥᠨ ᠲᠥᠷᠥᠯᠬᠢᠲᠡᠨ ᠤ ᠲᠡᠯᠡᠬᠡᠢ ᠳᠤ ᠲᠠᠷᠬᠠᠬᠤ ᠶᠢ

ᠬᠤᠷᠢᠭᠯᠠᠵᠤ ᠲᠡᠮᠡᠴᠡᠭᠰᠡᠨ ᠨᠢᠶᠠᠨᠳᠠᠷᠽᠠᠨᠢᠯᠰ ᠨᠤᠭᠤᠳ ᠤᠴᠢᠷ ᠭᠠᠵᠠᠷ ᠥᠬᠡᠢ ᠴᠢᠯᠠᠭᠤᠨ ᠬᠥᠮᠥᠨ ᠲᠠᠢ ᠲᠠᠶᠢᠨ

ᠪᠤᠯᠤᠯᠴᠠᠵᠤ᠂ ᠬᠥᠮᠥᠨ ᠲᠥᠷᠥᠯᠬᠢᠳᠡᠨ ᠢ ᠬᠠᠶᠠᠭᠠᠨ ᠳᠤ ᠨᠢ ᠬᠠᠶᠠᠵᠠᠢ᠃

ᠬᠥᠮᠥᠨ ᠲᠥᠷᠥᠯᠬᠢᠳᠡᠨ ᠨᠢᠬᠡ ᠮᠡᠳᠡᠬᠦ ᠳᠤ ᠲᠠᠶᠢᠨ ᠤ ᠭᠠᠳᠠᠨ᠎ᠠ ᠬᠠᠶᠠᠭᠳᠠᠭᠠᠳ᠂ ᠶᠠᠭᠠᠭᠢᠬᠤ ᠪᠠᠨ ᠤᠯᠬᠤ ᠥᠬᠡᠢ

ᠡᠷᠡᠬᠡᠯᠵᠡᠨ ᠵᠤᠭᠰᠤᠵᠤ ᠪᠠᠶᠢᠬᠤ ᠳᠤ ᠨᠢ᠄

— ᠪᠢᠳᠠ ᠠᠳᠡ ᠠᠴᠠ ᠰᠢᠭᠤᠳ ᠶᠠᠪᠤᠴᠢᠬᠠᠬᠤ ᠳᠤ ᠪᠤᠯᠬᠤ ᠥᠬᠡᠢ ᠵᠦᠢᠯ ᠠᠯᠠᠭ᠎ᠠ᠂ ᠡᠨ᠋ᠨ ᠬᠥᠴᠥᠷᠬᠡᠭ ᠰᠢᠷ᠎ᠠ

ᠮᠠᠩᠭᠤᠰ ᠨᠤᠭᠤᠳ ᠠᠳᠡ ᠪᠠᠨ ᠰᠢᠷᠤᠢ ᠴᠢᠯᠠᠭᠤ ᠲᠠᠢ ᠪᠠᠨ ᠵᠤᠳᠤᠯᠴᠠᠵᠤ ᠨᠤᠯᠤᠯᠴᠠᠭᠠᠳ ᠥᠯᠡᠳᠡᠬᠦ ᠪᠢᠰᠢ ᠤᠤ

ᠬᠡᠵᠤ ᠬᠥᠮᠥᠨ ᠲᠥᠷᠥᠯᠬᠢᠳᠡᠨ ᠤ ᠲᠤᠳᠤᠷᠠᠬᠢ ᠨᠢᠬᠡ ᠰᠤᠤᠳᠠᠨ ᠨᠢ ᠬᠡᠯᠡᠪᠡ᠃

ᠲᠡᠭᠡᠭᠦ ᠳᠤ ᠬᠥᠮᠥᠰ ᠰᠡᠬᠡᠰᠬᠢᠵᠤ᠂ ᠨᠢᠬᠡ ᠯᠨ ᠰᠥᠨᠢ ᠶᠢᠨ ᠬᠤᠭᠤᠷᠤᠨᠳᠤ ᠲᠠᠶᠢᠨ ᠤ ᠲᠠᠯᠠᠪᠤᠷ ᠠᠴᠠ ᠮᠤᠭᠠᠢ ᠰᠢᠬ

ᠰᠡᠮᠡᠭᠡᠷᠬᠡᠨ ᠭᠤᠯᠭᠤᠨ ᠵᠠᠶᠢᠯᠠᠵᠠᠭᠠᠭᠰᠠᠨ ᠠᠵᠢ᠃

119

ᠬᠥᠮᠥᠨ ᠲᠥᠷᠥᠯᠬᠢᠳᠡᠨ ᠪᠤᠯᠤᠨ ᠨᠢᠶᠠᠨᠳᠠᠷᠽᠠᠨᠢᠯᠰ ᠨᠤᠭᠤᠳ ᠤᠨ ᠲᠠᠶᠢᠨ ᠬᠡᠳᠥᠢ ᠤᠳᠠᠭᠠᠨ ᠥᠷᠬᠦᠯᠵᠢᠯᠡᠭᠰᠡᠨ ᠢ

ᠤᠳᠤ ᠬᠡᠯᠡᠬᠦ ᠳᠤ ᠪᠡᠷᠬᠡ ᠪᠤᠯᠵᠠᠢ᠃ ᠬᠡᠳᠥᠨ ᠡᠳᠥᠷ᠂ ᠬᠡᠳᠥᠨ ᠵᠢᠯ ᠡᠰᠡᠬᠦᠯ᠎ᠡ ᠬᠡᠳᠥᠨ ᠲᠥᠮᠡᠨ ᠵᠢᠯ

ᠥᠷᠬᠦᠯᠵᠢᠯᠡᠭᠰᠡᠨ ᠴᠤ ᠪᠠᠶᠢᠵᠤ ᠪᠤᠯᠤᠨ᠎ᠠ᠃ ᠰᠡᠬᠦᠯ ᠤᠨ ᠥᠶ᠎ᠡ ᠶᠢᠨ ᠴᠠᠭ ᠤᠨ ᠤᠶᠢᠯᠠᠭᠠᠭᠳᠠᠬᠤᠨ᠂ ᠡᠨ᠋ᠨ

ᠥᠯᠢᠬᠡᠷ ᠢ ᠤᠶᠢᠯᠠᠭᠠᠬᠤ ᠳᠤ ᠶᠠᠮᠠᠷ ᠴᠤ ᠨᠡᠮᠡᠷᠢ ᠠᠯᠠᠭ᠎ᠠ᠃ ᠥᠬᠡᠷ᠎ᠡ ᠪᠠᠷ ᠬᠡᠯᠡᠪᠡᠯ᠂ ᠡᠳᠡᠬᠡᠷ ᠥᠯᠢᠬᠡᠷ ᠢ ᠬᠥᠦᠷᠨᠢᠬᠦ

᠎ ᠳᠤ ᠴᠠᠭ ᠤᠨ ᠤᠶᠢᠯᠠᠭᠠᠭᠳᠠᠬᠤᠨ ᠤᠭᠳᠤ ᠬᠡᠷᠡᠭ ᠥᠬᠡᠢ ᠶᠤᠮ᠃ ᠶᠠᠮᠠᠷ ᠤᠴᠢᠷ ᠨᠢ ᠬᠡᠵᠢᠶ᠎ᠡ ᠡᠬᠦᠰᠥᠭᠰᠡᠨ ᠪᠤᠢ

ᠬᠡᠵᠤ ᠬᠡᠷᠡᠭ ᠲᠠᠢ ᠬᠡᠷᠡᠭ ᠥᠬᠡᠢ ᠪᠤᠳᠤᠯ ᠳᠤ ᠤᠨᠠᠬᠤ ᠶᠢᠨ ᠤᠷᠤᠨ ᠳᠤ ᠰᠢᠭᠤᠳ ᠯᠨ ᠥᠯᠢᠬᠡᠷ ᠤᠨ ᠶᠠᠪᠤᠴᠠ ᠶᠢ

ᠰᠤᠨᠢᠷᠬᠠᠪᠠᠯ ᠪᠠᠷᠠᠯ᠎ᠠ᠃

ᠬᠥᠮᠥᠨ ᠲᠥᠷᠥᠯᠬᠢᠳᠡᠨ ᠪᠤᠯᠤᠨ ᠨᠢᠶᠠᠨᠳᠠᠷᠽᠠᠨᠢᠯᠰ ᠨᠤᠭᠤᠳ ᠤᠨ ᠬᠤᠭᠤᠷᠤᠨᠳᠤᠬᠢ ᠲᠠᠶᠢᠨ ᠢ ᠥᠬᠦᠯᠡᠬᠦ ᠳᠤ

ᠭᠤᠤᠯᠳᠠᠭᠤ ᠴᠢᠯᠠᠭᠤᠨ ᠬᠥᠮᠥᠰ᠂ ᠤᠴᠢᠷ ᠭᠠᠵᠠᠷ ᠥᠬᠡᠢ ᠬᠥᠮᠥᠨ ᠲᠥᠷᠥᠯᠬᠢᠳᠡᠨ ᠳᠤ ᠲᠤᠰᠨ ᠪᠤᠯᠵᠤ᠂ ᠲᠠᠶᠢᠨ ᠤ

ᠲᠠᠯᠠᠪᠤᠷ ᠠᠴᠠ ᠮᠤᠯᠳᠤᠷᠠᠭᠤᠯᠤᠭᠰᠠᠨ ᠤᠴᠢᠷ ᠲᠤ ᠠᠩᠬᠠᠷᠤᠯ ᠢᠶᠠᠨ ᠲᠠᠯᠪᠢᠪᠠᠯ ᠵᠤᠬᠢᠨ᠎ᠠ᠃ ᠤᠴᠢᠷ ᠨᠢ ᠡᠬᠦᠨ ᠠᠴᠠ

ᠡᠮᠥᠨ᠎ᠡ ᠪᠤᠯ ᠬᠠᠶᠢᠷᠤᠪ ᠪᠠᠭᠠᠳᠤᠷ᠂ ᠬᠥᠮᠥᠨ ᠲᠥᠷᠥᠯᠬᠢᠳᠡᠨ ᠢ ᠥᠬᠦᠨ ᠡᠰᠡᠷᠬᠦᠴᠡᠬᠡᠳ ᠪᠠᠶᠢᠭᠰᠠᠨ ᠰᠢᠤ ᠳ᠋ᠠ᠃ ᠡᠨ᠋ᠨ

ᠥᠢᠯᠨ ᠨᠢ ᠥᠪᠡᠷ ᠤᠨ ᠬᠢ ᠨᠢ ᠨᠠᠰᠤᠨ ᠤ ᠲᠠᠶᠢᠰᠤᠨ ᠪᠤᠯᠬᠤ ᠬᠥᠮᠥᠨ ᠲᠥᠷᠥᠯᠬᠢᠳᠡᠨ ᠢ ᠡᠬᠦᠷ ᠥᠨᠳᠡᠭᠡ᠂ ᠥᠷ᠎ᠡ

ᠥᠨᠳᠥᠰᠥ ᠪᠠᠷ ᠢᠶᠠᠨ ᠰᠥᠨᠥᠬᠦ ᠠᠴᠠ ᠨᠢ ᠠᠪᠤᠷᠠᠭᠰᠠᠨ ᠬᠡᠳᠡᠭ ᠢ ᠰᠡᠬᠦᠯ ᠳᠤ ᠨᠢ ᠮᠡᠳᠡᠬᠡᠳ ᠬᠠᠶᠢᠷᠤᠪ ᠪᠠᠭᠠᠳᠤᠷ

ᠶᠠᠭᠠᠭᠢᠵᠤ ᠭᠤᠤᠯ ᠢᠶᠠᠨ ᠬᠠᠷᠠᠯᠠᠳᠠᠯ᠎ᠠ ᠬᠠᠷᠠᠮᠰᠠᠭᠰᠠᠨ ᠪᠤᠯ ᠳ᠋ᠠ︖

ᠡᠨ᠋ᠨ ᠬᠠᠮᠢᠶᠠᠲᠠᠢ ᠪᠠᠰᠨ ᠨᠢᠬᠡ ᠤᠴᠢᠷ ᠢ ᠠᠩᠬᠠᠷᠤᠯ ᠳᠠᠭᠠᠨ ᠠᠪᠬᠤ ᠬᠡᠷᠡᠭᠳᠡᠢ᠃ ᠴᠢᠯᠠᠭᠤᠨ ᠬᠥᠮᠥᠰ ᠲᠤ ᠵᠠᠳᠠ

ᠴᠤᠬᠢᠭᠳᠠᠭᠰᠠᠨ ᠨᠢᠶᠠᠨᠳᠠᠷᠽᠠᠨᠢᠯᠰ ᠨᠤᠭᠤᠳ ᠠᠴᠠ ᠬᠡᠳᠥᠢ ᠨᠢ ᠥᠯᠡᠳᠡᠪᠡ︖ ᠥᠯᠡᠳᠡᠭᠰᠡᠨ ᠨᠢ ᠬᠠᠮᠢᠭ᠎ᠠ ᠤᠴᠢᠪᠠ

ᠬᠡᠬᠦ ᠮᠡᠳᠥ ᠶᠢᠨ ᠠᠰᠠᠭᠤᠳᠠᠯ ᠢ ᠪᠠᠰᠨ ᠪᠤᠳᠤᠯᠬᠢᠯᠠᠪᠠᠯ ᠵᠤᠬᠢᠨ᠎ᠠ᠃ ᠵᠠᠷᠢᠮ ᠴᠢᠯᠠᠭᠤᠨ ᠰᠤᠳᠤᠷ ᠲᠤ ᠥᠬᠦᠯᠡᠭᠰᠡᠨ ᠢᠶᠠᠷ

᠂ ᠴᠢᠯᠠᠭᠤᠨ ᠬᠥᠮᠥᠰ ᠨᠢᠶᠠᠨᠳᠠᠷᠽᠠᠨᠢᠯᠰ ᠨᠤᠭᠤᠳ ᠢ ᠭᠠᠭᠴᠠᠬᠠᠨ ᠢ ᠴᠤ ᠥᠯᠡᠳᠡᠬᠡᠯ ᠥᠬᠡᠢ ᠬᠢᠳᠤᠭᠰᠠᠨ ᠬᠡᠵᠡᠢ᠃

ᠬᠡᠪᠡᠴᠥ ᠲᠡᠷᠨ ᠰᠤᠳᠤᠷ ᠢᠳᠡᠬᠡᠮᠵᠢ ᠮᠠᠭᠤᠳᠠᠢ ᠶᠤᠮ᠃ ᠴᠢᠯᠠᠭᠤᠨ ᠰᠤᠳᠤᠷ ᠲᠤ ᠬᠢ ᠠᠭᠤᠯᠭ᠎ᠠ ᠨᠢ ᠴᠢᠯᠠᠭᠤᠨ

ᠬᠥᠮᠥᠰ ᠢᠶᠠᠨ ᠡᠷᠬᠦᠨ ᠮᠠᠭᠳᠠᠬᠤ ᠵᠤᠷᠢᠯᠭ᠎ᠠ ᠪᠠᠷ ᠤᠭ ᠤᠴᠢᠷ ᠢ ᠬᠡᠳᠥᠷᠡᠬᠦᠯᠥᠨ ᠶᠡᠬᠡᠰᠬᠡᠭᠰᠡᠨ ᠪᠠᠶᠢᠵᠤ ᠪᠤᠯᠵᠤᠰᠢ

ᠥᠬᠡᠢ᠃

ᠰᠡᠬᠦᠯ ᠤᠨ ᠥᠶ᠎ᠡ ᠳᠤ ᠢᠯᠡᠷᠡᠭᠰᠡᠨ ᠵᠠᠷᠢᠮ ᠤᠴᠢᠷ ᠨᠢ ᠴᠢᠯᠠᠭᠤᠨ ᠰᠤᠳᠤᠷ ᠤᠨ ᠥᠬᠦᠯᠡᠮᠵᠢ ᠰᠡᠵᠢᠭ ᠲᠠᠢ ᠬᠡᠳᠡᠭ ᠢ

ᠢᠯᠡᠷᠬᠡᠶᠢᠯᠡᠨ᠎ᠡ᠃ 1951 ᠣᠨ ᠳᠤ᠂ ᠠᠩᠭ᠍ᠯᠢ ᠶᠢᠨ ᠠᠭᠤᠯᠨ ᠠᠪᠠᠷᠢᠬᠴᠢ ᠠᠶᠢᠷᠦ᠋ᠢᠺ᠂ ᠰᠢᠫᠲᠤᠨ ᠡᠾᠢᠮᠠᠯᠢᠶ᠎ᠠ

ᠠᠭᠤᠯᠠᠨ ᠤ ᠴᠠᠰᠤᠨ ᠲᠡᠭᠡᠷ᠎ᠡ ᠠᠴᠠ 33 ᠰᠡᠨᠲ᠋ᠢᠮᠧᠲᠷ ᠤᠷᠳᠤ᠂ 20 ᠰᠡᠨᠲ᠋ᠢᠮᠧᠲᠷ ᠥᠷᠬᠡᠨ ᠲᠤᠮᠤ ᠮᠥᠷ ᠢ

ᠤᠯᠵᠤ ᠬᠠᠷᠠᠭᠠᠳ ᠰᠡᠬᠦᠳᠡᠷᠯᠡᠨ ᠥᠯᠡᠳᠡᠬᠡᠵᠡᠢ᠃ ᠬᠡᠯᠡᠯᠬᠡᠨ ᠥᠬᠡᠢ ᠡᠬᠦᠨ ᠠᠴᠠ ᠡᠮᠥᠨ᠎ᠡ ᠬᠥᠮᠥᠰ ᠨᠢᠬᠡᠨᠳᠡ ᠲᠤᠮᠤ

ᠬᠥᠯ ᠤᠨ ᠮᠥᠷ ᠤᠯᠵᠤ ᠬᠠᠷᠠᠯ᠎ᠠ ᠬᠡᠵᠤ ᠶᠠᠷᠢᠯᠴᠠᠭᠠᠳ ᠤᠳᠠᠭᠰᠠᠨ ᠪᠢᠯᠨ᠃ ᠵᠠᠷᠢᠮ ᠡᠮᠡᠭᠳᠡᠶᠢᠴᠤᠳ ᠲᠤᠮᠤ ᠬᠥᠯ

᠎ ᠤᠨ ᠮᠥᠷ ᠲᠡᠭᠡᠷ᠎ᠡ ᠬᠢᠰᠬᠢᠬᠡᠳ᠂ ᠬᠥᠯ ᠬᠥᠨᠳᠥ ᠪᠤᠯᠵᠤ᠂ ᠭᠠᠶᠢᠬᠠᠮᠰᠢᠬᠳᠤ ᠰᠥᠷ ᠰᠥᠯᠳᠡ ᠲᠠᠢ ᠡᠵᠡᠨ ᠬᠠᠭᠠᠨ

ᠲᠥᠷᠥᠭᠰᠡᠨ ᠥᠯᠢᠬᠡᠷ ᠴᠤ ᠵᠠᠬ᠎ᠠ ᠠᠴᠠ ᠪᠠᠨ ᠠᠪᠤᠭᠠᠳ ᠪᠠᠶᠢᠬᠤ ᠯᠨ᠃ ᠬᠡᠰᠡᠷ ᠬᠠᠭᠠᠨ ᠪᠤᠯ ᠢᠡᠭᠭᠢᠵᠤ ᠲᠥᠷᠥᠭᠰᠡᠨ

ᠬᠡᠵᠤ ᠬᠡᠯᠡᠯᠴᠡᠳᠡᠭ᠃

ᠨᠢᠶᠠᠨᠳᠠᠷᠽᠠᠨᠢᠯᠰ ᠨᠤᠭᠤᠳ᠂ ᠴᠢᠯᠠᠭᠤᠨ ᠬᠥᠮᠥᠰ ᠲᠤ ᠴᠤᠬᠢᠭᠳᠠᠭᠠᠳ ᠪᠥᠷᠢᠨ ᠤᠰᠠᠳᠴᠢᠬᠠᠭᠰᠠᠨ ᠪᠢᠰᠢ᠂ ᠲᠡᠳᠡᠨ

᠎ ᠤ ᠵᠠᠷᠢᠮ ᠨᠢ ᠠᠭᠤᠯᠨ ᠬᠥᠪᠴᠢ ᠶᠢᠨ ᠠᠯᠢ ᠨᠢᠬᠡ ᠬᠡᠰᠡᠭ ᠢᠶᠠᠷ ᠨᠢᠭᠤᠭᠳᠠᠵᠤ᠂ ᠬᠥᠮᠥᠨ ᠲᠥᠷᠥᠯᠬᠢᠳᠡᠨ ᠨᠦᠭᠦᠳ

᠎ ᠤᠨ ᠲᠤᠳᠤᠷ᠎ᠠ ᠥᠷ᠎ᠡ ᠪᠠᠨ ᠥᠯᠡᠳᠡᠬᠡᠭᠰᠡᠬᠡᠷ ᠪᠠᠶᠢᠭ᠎ᠠ ᠰᠡᠵᠢᠭ ᠲᠤ ᠥᠷᠳᠥᠨ᠎ᠡ᠃

ᠲᠡᠷᠨ ᠤᠳᠠᠭᠠᠨ ᠤ ᠲᠠᠶᠢᠨ ᠠᠴᠠ ᠰᠡᠬᠦᠯᠡᠷ᠂ ᠬᠥᠮᠥᠨ ᠲᠥᠷᠥᠯᠬᠢᠳᠡᠨ ᠤ ᠥᠯᠥᠬᠡᠢ ᠤᠷᠤᠨ ᠪᠤᠯᠤᠭᠰᠠᠨ ᠠᠹᠷᠢᠺᠠ

ᠲᠢᠪ ᠲᠤ ᠬᠡᠨᠡᠳᠳᠡ ᠪᠠᠷ ᠠᠪᠤᠷᠭᠤ ᠪᠡᠶ᠎ᠡ ᠲᠠᠢ᠂ ᠬᠥᠴᠥ ᠲᠠᠮᠢᠷ ᠬᠤᠷᠳᠤ ᠰᠤᠷᠢᠭ᠎ᠠ ᠲᠠᠢ ᠰᠠᠶᠢᠨ ᠡᠷᠡᠴᠥᠥᠯ ᠢᠯᠡᠷᠡᠬᠦ

ᠪᠤᠯᠤᠭᠰᠠᠨ ᠨᠢ ᠪᠠᠰᠨ ᠨᠢᠬᠡ ᠵᠦᠢᠯ ᠤᠨ ᠬᠡᠯᠡᠵᠤ ᠪᠤᠯᠤᠰᠢ ᠥᠬᠡᠢ ᠰᠡᠵᠢᠭ ᠶᠤᠮ᠃

221

MANU᠎ ᠶᠢᠨ ᠪᠠᠶᠢᠭᠠᠯᠢ ᠶᠢᠨ ᠴᠡᠴᠡᠷᠯᠢᠭ᠂ ᠬᠠᠶᠢᠷᠤᠪ ᠪᠠᠭᠠᠳᠤᠷ ᠤᠨ ᠡᠬᠢ ᠲᠤᠯᠤᠭᠠᠢ ᠥᠬᠡᠢ ᠴᠠᠭ ᠤᠨ

ᠲᠤᠭᠯᠠᠭᠠᠮ ᠲᠤᠮᠳᠠ ᠡᠪᠳᠡᠭᠳᠡᠭᠦ ᠳᠤ᠂ MANU ᠬᠠᠶᠢᠷᠤᠪ ᠪᠠᠭᠠᠳᠤᠷ ᠢ ᠰᠢᠳᠤ ᠵᠠᠭᠤᠨ ᠬᠤᠷᠤᠰᠴᠠᠢ᠃ ᠲᠡᠷᠨ

ᠬᠠᠶᠢᠷᠤᠪ ᠪᠠᠭᠠᠳᠤᠷ ᠲᠤ ᠥᠬᠡ ᠢᠯᠡᠬᠡᠵᠤ᠂ ᠬᠡᠯᠡᠯᠴᠡᠬᠡᠷ ᠬᠢᠬᠦ ᠬᠡᠰᠡᠨ ᠳᠤ ᠬᠠᠶᠢᠷᠤᠪ ᠪᠠᠭᠠᠳᠤᠷ ᠲᠡᠭᠡᠷᠡᠩᠬᠦᠢ ᠪᠠᠷ

ᠲᠡᠪᠴᠢᠵᠡᠢ᠃

ᠰᠡᠬᠦᠯ ᠤᠨ ᠥᠶ᠎ᠡ ᠶᠢᠨ ᠵᠦᠢᠯ ᠵᠦᠢᠯ ᠤᠨ ᠤᠴᠢᠷ ᠠᠴᠠ ᠥᠵᠡᠬᠦ ᠳᠤ᠂ ᠬᠠᠶᠢᠷᠤᠪ ᠪᠠᠭᠠᠳᠤᠷ ᠬᠠᠯᠳᠠᠵᠤ ᠪᠤᠯᠤᠰᠢ

ᠥᠬᠡᠢ ᠬᠠᠷ᠎ᠠ ᠬᠠᠮᠠᠭᠤ ᠳᠠᠭᠠᠨ ᠬᠠᠯᠳᠠᠭᠰᠠᠨ ᠨᠢ ᠢᠯᠡᠷᠬᠡᠢ ᠪᠤᠯᠪᠠ᠃

ᠬᠠᠶᠢᠷᠤᠪ ᠪᠠᠭᠠᠳᠤᠷ ᠲᠤ ᠬᠡᠯᠡᠯᠴᠡᠬᠡᠷ ᠤᠨ ᠪᠢᠴᠢᠭ ᠢᠯᠡᠬᠡᠬᠦ ᠥᠶ᠎ᠡ ᠪᠤᠯᠳᠠᠯ᠎ᠠ MANU ᠵᠥᠪᠬᠡᠨ ᠤᠪᠤᠭ

ᠠᠶᠢᠮᠠᠭ ᠤᠨ ᠢᠶᠠᠨ ᠨᠢᠬᠡ ᠴᠢᠯᠠᠭᠤᠨ ᠲᠠᠷᠬᠠᠨ ᠲᠡᠳᠥᠢ ᠪᠠᠶᠢᠪᠠ᠃ ᠬᠠᠶᠢᠷᠤᠪ ᠪᠠᠭᠠᠳᠤᠷ ᠲᠡᠭᠦᠨ ᠤ ᠭᠤᠶᠤᠪᠴᠢᠯᠠᠯ ᠢ

ᠡᠰᠡ ᠵᠥᠪᠰᠢᠶᠡᠷᠡᠭᠰᠡᠨ ᠨᠢ ᠭᠤᠤᠯᠳᠠᠭᠤ ᠪᠠᠶᠢᠷᠢ ᠰᠠᠭᠤᠷᠢ ᠬᠢᠷᠢ ᠬᠡᠮ ᠨᠢ ᠲᠡᠩᠳᠡᠭᠦᠥ ᠲᠤᠤᠷ᠎ᠠ ᠪᠠᠶᠢᠭᠰᠠᠨ ᠠᠴᠠ

ᠪᠤᠯᠵᠠᠢ᠃ ᠬᠡᠪᠡᠴᠥ MANU ᠴᠥᠬᠦᠷᠡᠯ ᠥᠬᠡᠢ ᠴᠢᠷᠮᠠᠶᠢᠭᠰᠠᠭᠠᠷ᠂ ᠡᠴᠥᠰ ᠲᠡᠭᠡᠨ ᠢᠯᠠᠭᠳᠠᠰᠢ ᠥᠬᠡᠢ ᠲᠠᠷᠬᠠᠨ

ᠴᠡᠷᠢᠭ ᠤᠨ ᠤᠳᠤᠷᠢᠳᠤᠭᠴᠢ ᠶᠢ ᠴᠤᠬᠢᠨ ᠢᠯᠠᠭᠠᠳ᠂ ᠭᠠᠶᠢᠬᠠᠮᠰᠢᠬᠳᠤ ᠥᠢᠯᠨ ᠶᠢ ᠡᠬᠦᠳᠥᠳᠴᠠᠢ᠃

MANU᠎ ᠶᠢᠨ ᠪᠠᠶᠢᠭᠰᠠᠨ ᠴᠠᠭ ᠥᠶ᠎ᠡ ᠪᠤᠯ᠂ ᠬᠠᠭᠤᠴᠢᠨ ᠴᠢᠯᠠᠭᠤᠨ ᠵᠡᠪᠰᠡᠭ ᠠᠴᠠ ᠰᠢᠨ᠎ᠡ ᠴᠢᠯᠠᠭᠤᠨ ᠵᠡᠪᠰᠡᠭ

ᠲᠡᠶᠢᠰᠢ ᠰᠢᠯᠵᠢᠵᠤ ᠪᠠᠶᠢᠭᠰᠠᠨ ᠴᠠᠭ ᠥᠶ᠎ᠡ ᠶᠤᠮ᠃ ᠡᠨ᠋ᠨ ᠥᠶᠡᠰ ᠲᠤ ᠬᠠᠭᠠᠯᠵᠤ ᠬᠢᠭᠰᠡᠨ ᠴᠢᠯᠠᠭᠤᠨ ᠵᠡᠪᠰᠡᠭ ᠢ

ᠪᠤᠳᠤᠪᠠᠯ ᠲᠤᠷᠭᠠᠨ ᠢᠷ ᠲᠠᠢ᠂ ᠥᠢᠯᠡᠳᠴᠥ ᠬᠢᠬᠦ ᠳᠤ ᠮᠡᠷᠬᠡᠵᠢᠯ ᠤᠨ ᠱᠠᠭᠠᠷᠳᠠᠯᠭ᠎ᠠ ᠴᠤ ᠲᠡᠮᠡᠢ ᠶᠡᠭᠡ ᠪᠢᠰᠢ

ᠪᠢᠯᠡᠬᠦᠳᠡᠵᠤ ᠬᠢᠭᠰᠡᠨ ᠴᠢᠯᠠᠭᠤᠨ ᠵᠡᠪᠰᠡᠭ ᠭᠠᠷᠴᠤ ᠢᠷᠡᠵᠡᠢ᠃ ᠬᠡᠪᠡᠴᠥ MANU ᠪᠤᠯ ᠭᠠᠷᠮᠠᠭᠠᠢ ᠴᠢᠯᠠᠭᠤᠨ

ᠲᠠᠷᠬᠠᠨ ᠤ ᠰᠤᠷᠳᠤᠭᠤ ᠪᠠᠨ ᠬᠠᠳᠠᠭᠠᠯᠠᠵᠤ᠂ ᠴᠤᠬᠢᠵᠤ ᠬᠠᠭᠠᠯᠬᠤ ᠠᠷᠭ᠎ᠠ ᠪᠠᠷ ᠴᠢᠯᠠᠭᠤᠨ ᠵᠡᠪᠰᠡᠭ ᠢᠶᠠᠨ ᠬᠢᠭᠰᠡᠭᠡᠷ

ᠪᠠᠶᠢᠯ᠎ᠠ᠃ ᠲᠡᠭᠦᠨ ᠤ ᠴᠢᠯᠠᠭᠤᠨ ᠵᠡᠪᠰᠡᠭ ᠬᠢᠵᠤ ᠥᠢᠯᠡᠳᠬᠦ ᠬᠤᠭᠤᠴᠠᠭ᠎ᠠ ᠨᠢ ᠤᠷᠳᠤ ᠲᠡᠭᠡᠷ᠎ᠡ ᠮᠦᠷᠳ᠋ᠭᠡᠨ ᠥᠨ᠎ᠡ

᠎ ᠨᠢ ᠴᠤ ᠥᠨᠳᠥᠷ ᠪᠠᠶᠢᠭᠰᠠᠨ ᠢᠶᠠᠷ ᠡᠯ᠎ᠡ ᠤᠪᠤᠭ ᠠᠶᠢᠮᠠᠭ ᠤᠨ ᠠᠩᠴᠢᠳ ᠪᠠᠭᠠᠳᠤᠷᠴᠤᠳ ᠪᠥᠷ ᠪᠢᠯᠡᠬᠦᠳᠡᠵᠤ

ᠬᠢᠭᠰᠡᠨ ᠬᠢᠮᠳᠠᠬᠠᠨ ᠴᠢᠯᠠᠭᠤᠨ ᠵᠡᠪᠰᠡᠭ ᠢ ᠰᠤᠩᠭᠤᠨ ᠠᠪᠴᠠᠭᠠᠬᠤ ᠪᠤᠯᠵᠠᠢ᠃

ᠬᠡᠪᠡᠴᠥ ᠡᠨ᠋ᠨ ᠪᠥᠬᠦᠨ ᠨᠢ MANU᠎ ᠶᠢᠨ ᠵᠥᠷᠢᠬᠦᠳ ᠤᠪᠤᠷ ᠢ ᠵᠥᠬᠡᠯᠡᠷᠡᠬᠦᠯᠵᠤ ᠴᠢᠳᠠᠭ᠎ᠠ ᠥᠬᠡᠢ᠃ ᠲᠡᠷᠨ

ᠬᠠᠭᠠᠯᠵᠤ ᠬᠢᠭᠰᠡᠨ ᠴᠢᠯᠠᠭᠤᠨ ᠵᠡᠪᠰᠡᠭ ᠢ ᠤᠷᠬᠢᠯ ᠳᠤ ᠨᠢ ᠲᠤᠯᠳᠠᠯ᠎ᠠ ᠬᠥᠭᠵᠢᠬᠦᠯᠵᠡᠢ᠃ ᠨᠢᠬᠡ ᠯᠨ ᠮᠡᠳᠡᠬᠦ ᠳᠤ ᠬᠠᠰ

᠂ ᠮᠠᠨᠤᠬᠤ᠂ ᠭᠤᠪᠢ ᠶᠢᠨ ᠴᠢᠯᠠᠭᠤ ᠮᠡᠳᠥ ᠶᠢᠨ ᠬᠠᠳᠠᠭᠤ ᠴᠢᠨᠠᠷ ᠲᠠᠢ ᠴᠢᠯᠠᠭᠤᠳ MANU᠎ ᠶᠢᠨ ᠤᠷᠠᠨ ᠭᠠᠷ

ᠪᠤᠯᠤᠨ ᠵᠥᠷᠢᠬᠦᠳ ᠵᠠᠩ ᠢᠶᠠᠷ ᠲᠡᠮᠵᠢᠨ ᠵᠢᠷᠥᠬᠡ ᠰᠢᠵᠢᠬᠢᠨᠡᠬᠦᠯᠥᠭᠰᠡᠨ ᠬᠤᠷᠴᠠ ᠢᠷ ᠲᠠᠢ ᠵᠡᠪᠰᠡᠭ ᠪᠤᠯᠵᠤ ᠪᠠᠶᠢᠪᠠ᠃

MANU᠎ ᠶᠢᠨ ᠥᠵᠡᠬᠦ ᠪᠠᠷ ᠬᠠᠭᠤᠴᠢᠨ ᠤ ᠬᠠᠭᠠᠯᠵᠤ ᠬᠢᠭᠰᠡᠨ ᠴᠢᠯᠠᠭᠤᠨ ᠵᠡᠪᠰᠡᠭ ᠬᠡᠳᠥᠷᠬᠡᠢ ᠪᠥᠳᠥᠬᠦᠯᠢᠭ᠂

ᠬᠠᠷᠢᠨ ᠰᠢᠨ᠎ᠡ ᠭᠠᠷᠴᠤ ᠪᠠᠶᠢᠭ᠎ᠠ ᠪᠢᠯᠡᠬᠦᠳᠡᠵᠤ ᠬᠢᠭᠰᠡᠨ ᠵᠡᠪᠰᠡᠭ ᠨᠢ ᠮᠢᠳᠠᠷᠠᠮᠠᠳᠠᠭᠠᠢ ᠠᠵᠢ᠃ ᠥᠯᠢᠬᠡᠷᠯᠡᠪᠡᠯ᠂

ᠬᠠᠭᠤᠴᠢᠨ ᠴᠢᠯᠠᠭᠤᠨ ᠵᠡᠪᠰᠡᠭ ᠨᠢ ᠬᠡᠳᠥᠷᠬᠡᠢ ᠮᠤᠷᠤᠢ ᠰᠠᠷᠤᠢ᠂ ᠰᠢᠨ᠎ᠡ ᠴᠢᠯᠠᠭᠤᠨ ᠵᠡᠪᠰᠡᠭ ᠨᠢ ᠬᠡᠳᠥᠷᠬᠡᠢ

ᠲᠤᠭᠤᠷᠢᠭ ᠶᠤᠮ᠃

— ᠵᠡᠪᠰᠡᠭ ᠴᠤ ᠬᠡᠰᠨᠨ᠂ ᠬᠥᠮᠥᠨ ᠤ ᠵᠠᠩ ᠴᠢᠨᠠᠷ ᠴᠤ ᠬᠡᠰᠡᠨ᠂ ᠵᠠᠪᠠᠯ ᠠᠷᠵᠠᠭᠠᠷ ᠪᠠᠷᠵᠠᠭᠠᠷ ᠪᠠᠶᠢᠪᠠᠯ ᠲᠡᠭᠡᠷ᠎ᠡ᠂

ᠬᠠᠷᠢᠨ ᠬᠡᠳᠥᠷᠬᠡᠢ ᠲᠤᠭᠤᠷᠢᠭ ᠤᠷᠢᠶᠠᠯᠠᠭ ᠪᠤᠯᠪᠠᠯ ᠡᠴᠥᠰ ᠲᠡᠭᠡᠨ ᠡᠷᠭᠡᠰ ᠤᠨ ᠲᠤᠭᠤᠷᠢᠭ ᠲᠥᠷᠬᠦ ᠳᠤ

ᠡᠵᠡᠯᠡᠭᠳᠡᠨ᠎ᠡ ᠬᠡᠵᠤ MANU ᠭᠡᠯᠡᠭᠰᠡᠨ ᠠᠵᠢ᠃ MANU ᠡᠶᠢᠮᠥ ᠤᠶᠢᠯᠠᠭᠠᠭᠳᠠᠬᠤᠨ ᠢᠶᠠᠨ ᠪᠡᠶ᠎ᠡ ᠲᠠᠢ

ᠪᠤᠯᠭᠠᠬᠤ ᠶᠢᠨ ᠲᠥᠯᠥᠬᠡ ᠲᠦᠢᠯ ᠤᠨ ᠨᠠᠷᠢᠯᠢᠬ ᠴᠤᠬᠢᠵᠤ ᠬᠠᠭᠠᠯᠬᠤ ᠠᠷᠭ᠎ᠠ ᠪᠠᠷ ᠵᠡᠪᠰᠡᠭ ᠤᠨ ᠢᠷ ᠢ ᠨᠢᠬᠡᠨ ᠵᠢᠭᠳᠡ

ᠴᠤᠬᠢᠵᠤ ᠭᠠᠷᠭᠠᠵᠠᠢ᠃ ᠡᠶᠢᠮᠥᠷᠬᠦᠦ ᠴᠢᠯᠠᠭᠤᠨ ᠵᠡᠪᠰᠡᠭ ᠤᠨ ᠢᠷ ᠨᠢ ᠪᠢᠯᠡᠬᠦᠳᠡᠵᠤ ᠬᠢᠭᠰᠡᠨ ᠲᠤᠭᠤᠷᠢᠭ ᠢᠷ ᠲᠠᠢ

ᠴᠢᠯᠠᠭᠤᠳ ᠢ ᠲᠠᠭᠤᠷᠢᠶᠠᠯᠭᠠᠭᠰᠠᠨ ᠮᠡᠳᠥ ᠪᠤᠯᠪᠠᠴᠤ ᠥᠨᠡᠨ ᠳᠡᠭᠡᠨ ᠲᠤᠭᠤᠷᠢᠭ ᠢᠷ ᠤᠨ ᠲᠤᠳᠤᠷ᠎ᠠ ᠠᠷᠵᠠᠭᠠᠷ

ᠪᠠᠷᠵᠠᠭᠠᠷ ᠢ ᠨᠢᠭᠤᠵᠤ᠂ ᠬᠥᠮᠥᠨ ᠲᠥᠷᠥᠯᠬᠢᠳᠡᠨ ᠤ ᠡᠷᠬᠡᠰ ᠤᠨ ᠲᠤᠮᠳᠠ ᠤᠷᠤᠰᠢᠨ ᠲᠤᠭᠳᠠᠨᠢᠬᠤ ᠵᠠᠩ ᠤᠪᠤᠷ ᠢ

ᠢᠯᠡᠷᠬᠡᠶᠢᠯᠡᠵᠡᠢ᠃

ᠬᠠᠶᠢᠷᠤᠪ ᠪᠠᠭᠠᠳᠤᠷ᠂ ᠠᠭᠤᠷ ᠬᠢᠯᠢᠩ ᠲᠠᠢ᠂ ᠴᠢᠯᠠᠭᠤᠨ ᠲᠠᠷᠬᠠᠨ MANU᠎ ᠶᠢ ᠤᠮᠳᠤᠭᠠᠶᠢᠯᠠᠭᠰᠠᠨ ᠤ ᠥᠷ᠎ᠡ

ᠵᠢᠮᠢᠰ ᠢᠶᠠᠨ ᠲᠤᠤᠷᠠᠬᠠᠨ ᠠᠮᠰᠠᠵᠤ᠂ ᠨᠢᠬᠡ ᠯᠨ ᠮᠡᠳᠡᠬᠦ ᠳᠤ ᠢᠯᠠᠭᠳᠠᠰᠢ ᠥᠬᠡᠢ ᠬᠠᠳᠠᠨ ᠴᠡᠷᠢᠭ ᠠᠩᠭᠢ ᠨᠢ

ᠲᠤᠳᠤᠷ᠎ᠠ ᠠᠴᠠ ᠪᠠᠨ ᠶᠡᠬᠦᠷᠡᠵᠤ ᠡᠬᠢᠯᠡᠭᠰᠡᠨ ᠪᠠᠶᠢᠪᠠ᠃

ᠬᠠᠶᠢᠷᠤᠪ ᠪᠠᠭᠠᠳᠤᠷ ᠤᠨ ᠮᠠᠭᠤᠬᠠᠨ ᠴᠢᠨᠠᠷ ᠲᠠᠢ ᠴᠢᠯᠠᠭᠤ ᠪᠠᠷ ᠬᠢᠭᠰᠡᠨ ᠬᠤᠳᠠ ᠵᠡᠬᠡᠯᠢ ᠶᠢᠨ ᠱᠤᠭᠤᠮᠠᠯ ᠤᠳ

MANU᠎ ᠶᠢᠨ ᠬᠠᠰ ᠮᠠᠨᠤᠬᠤ ᠪᠠᠷ ᠬᠢᠭᠰᠡᠨ ᠮᠢᠳᠠᠷᠠᠰᠢ ᠥᠬᠡᠢ ᠢᠷ ᠲᠠᠢ ᠵᠡᠪᠰᠡᠭ ᠯᠦᠭᠡ ᠬᠠᠷᠭᠤᠯᠳᠤᠭᠠᠳ

ᠴᠢᠯᠠᠭᠤᠨ ᠵᠢᠷᠥᠬᠡ ᠪᠠᠨ ᠵᠥᠰᠥᠬᠦᠯᠵᠡᠢ᠃ ᠨᠡᠩ ᠠᠶᠤᠮᠰᠢᠬᠳᠠᠢ ᠨᠢ ᠴᠢᠯᠠᠭᠤᠨ ᠲᠠᠷᠬᠠᠨ ᠤ ᠤᠭᠤᠯᠢ ᠴᠥᠴᠠ ᠪᠠᠷ

ᠰᠡᠶᠢᠯᠥᠭᠳᠡᠭᠰᠡᠨ ᠡᠳᠡᠬᠡᠷ ᠴᠢᠯᠠᠭᠤᠨ ᠱᠤᠭᠤᠮᠠᠯ ᠤᠳ ᠴᠢᠯᠠᠭᠤᠨ ᠲᠠᠷᠬᠠᠨ ᠠᠴᠠ ᠲᠥᠷᠥᠯᠬᠢ ᠶᠢᠨ ᠵᠢᠷᠥᠬᠡᠰᠢᠶᠡᠬᠦ

ᠰᠡᠳᠬᠢᠯᠬᠡ ᠲᠠᠢ ᠪᠠᠶᠢᠪᠠ᠃

ᠬᠡᠯᠡᠯᠬᠡᠨ ᠥᠬᠡᠢ ᠬᠠᠶᠢᠷᠤᠪ ᠪᠠᠭᠠᠳᠤᠷ ᠤᠨ ᠰᠢᠷᠥᠢ ᠶᠢᠨ ᠲᠥᠮᠡᠨ ᠴᠢᠯᠠᠭᠤᠨ ᠴᠡᠷᠢᠭ ᠠᠩᠭᠢ ᠶᠢᠨ ᠢᠯᠠᠭᠳᠠᠭᠰᠠᠨ

᠎ ᠨᠢ ᠡᠶᠢᠮᠥ ᠲᠥᠬᠦᠮᠬᠡᠨ ᠤᠴᠢᠷ ᠪᠢᠰᠢ᠃ ᠡᠳᠡᠬᠡᠷ ᠴᠢᠯᠠᠭᠤᠨ ᠵᠡᠪᠰᠡᠭ ᠤᠳ ᠬᠡᠵᠢᠶ᠎ᠠ ᠬᠤᠵᠢᠮ ᠤᠨ ᠲᠡᠮᠥᠷ ᠰᠥᠬᠡ᠂

ᠲᠡᠮᠥᠷ ᠤᠭᠤᠯᠢ᠂ ᠴᠠᠬᠢᠯᠭᠠᠨ ᠬᠢᠷᠥᠬᠡ ᠪᠠᠷ ᠰᠡᠶᠢᠯᠥᠭᠳᠡᠨ ᠲᠥᠷᠥᠭᠰᠡᠨ ᠪᠠᠶᠢᠳᠠᠯ᠎ᠠ ᠲᠥᠷᠥᠭᠰᠡᠨ ᠴᠠᠭ ᠠᠴᠠ ᠪᠠᠨ

ᠲᠥᠮᠨ ᠭᠠᠷᠤᠢ ᠵᠢᠯ ᠤᠨ ᠡᠮᠥᠨᠡᠬᠢ ᠴᠢᠯᠠᠭᠤᠨ ᠵᠡᠪᠰᠡᠭ ᠬᠢᠭᠴᠢ ᠲᠠᠷᠬᠠᠨ ᠤ ᠭᠠᠷ ᠲᠤ ᠥᠷᠡᠭᠳᠡᠭᠰᠡᠨ ᠪᠠᠶᠢᠪᠠ᠃

ᠡᠶᠢᠮᠥ ᠵᠥᠷᠢᠴᠠᠯ ᠲᠠᠢ ᠰᠤᠩᠭᠤᠯᠳᠠ ᠨᠢ ᠲᠡᠳᠡᠨ ᠤ ᠲᠡᠮᠡᠴᠡᠯ ᠤᠨ ᠵᠤᠷᠢᠭ ᠢ ᠮᠢᠳᠠᠷᠠᠭᠤᠯᠵᠤ᠂ ᠴᠡᠷᠢᠭ ᠤᠨ ᠰᠡᠳᠬᠢᠯ

ᠥᠢᠮᠡᠨ ᠰᠠᠷᠨᠢᠵᠠᠢ᠃

222

ᠬᠠᠶᠢᠷᠤᠪ ᠪᠠᠭᠠᠳᠤᠷ ᠤᠨ ᠢᠯᠠᠭᠳᠠᠰᠢ ᠥᠬᠡᠢ ᠬᠥᠴᠥᠷᠬᠡᠭ ᠴᠢᠯᠠᠭᠤᠨ ᠴᠡᠷᠢᠭ ᠢᠯᠠᠭᠳᠠᠨ ᠪᠠᠭᠤᠷᠠᠵᠤ ᠪᠠᠶᠢᠬᠤ ᠥᠶ᠎ᠡ

᠎ ᠪᠠᠷ᠂ ᠢᠯᠠᠭᠴᠢ ᠶᠢᠨ ᠲᠠᠯ᠎ᠠ ᠳᠤ ᠪᠠᠶᠢᠭᠰᠠᠨ ᠴᠢᠯᠠᠭᠤᠨ ᠲᠠᠷᠬᠠᠨ MANU ᠡᠷᠬᠡᠰ ᠤᠷᠴᠢᠯᠠᠩ ᠢ ᠭᠠᠶᠢᠬᠠᠰᠢ

ᠠᠯᠳᠠᠭᠤᠯᠤᠭᠰᠠᠨ ᠨᠢᠬᠡ ᠤᠴᠢᠷ ᠢ ᠬᠢᠵᠡᠢ᠃ ᠲᠡᠷᠨ ᠬᠠᠶᠢᠷᠤᠪ ᠪᠠᠭᠠᠳᠤᠷ ᠤᠨ ᠴᠡᠷᠢᠭ ᠢ ᠰᠢᠪᠰᠢᠭᠳᠡᠢ ᠴᠤᠬᠢᠨ

ᠢᠯᠠᠭᠰᠠᠨ ᠪᠠᠶᠢᠳᠠᠯ᠎ᠠ ᠪᠠᠨ ᠬᠡᠳᠡᠷᠬᠦ ᠪᠠᠨ ᠬᠠᠷᠢᠨ ᠬᠠᠶᠢᠷᠤᠪ ᠪᠠᠭᠠᠳᠤᠷ ᠲᠤ ᠤᠯᠠᠨ ᠵᠦᠢᠯ ᠤᠨ ᠶᠠᠯ᠎ᠠ ᠨᠥᠮᠥᠷᠬᠡᠵᠤ᠂

ᠲᠡᠯᠡᠬᠡᠢ ᠶᠢᠨ ᠰᠠᠭᠤᠭᠠᠯᠢᠴᠢᠳ ᠤᠨ ᠵᠥᠪᠯᠡᠯ ᠳᠤ ᠭᠤᠮᠤᠳᠠᠯ ᠮᠡᠳᠡᠬᠦᠯᠥᠨ ᠵᠠᠭᠠᠯᠳᠤᠭᠰᠠᠨ ᠠᠵᠢ᠃

— ᠰᠠᠬᠢᠭᠤᠯᠰᠤᠨ ᠪᠢᠳᠠᠨ ᠤ ᠬᠥᠮᠥᠨ ᠲᠥᠷᠥᠯᠬᠢᠳᠡᠨ ᠢ ᠵᠤᠬᠢᠶᠠᠭᠰᠠᠨ ᠨᠢ ᠠᠷᠪᠠᠨ ᠨᠠᠷᠠᠨ ᠤ ᠲᠠᠷᠠᠭᠠᠭᠢ

ᠬᠤᠪᠠᠭ᠋ᠠᠢ ᠬᠠᠯᠴᠠᠭᠠᠢ ᠭᠠᠵᠠᠷ ᠲᠤ ᠥᠬᠡᠷ᠎ᠡ ᠨᠢᠬᠡ ᠵᠦᠢᠯ ᠤᠨ ᠥᠡᠭᠭᠡ ᠪᠠ ᠥᠬᠡᠷ᠎ᠡ ᠨᠢᠬᠡ ᠵᠦᠢᠯ ᠤᠨ ᠠᠮᠢᠵᠢᠷᠠᠯ

᠎ ᠤᠨ ᠬᠥᠴᠥᠨ ᠤᠯᠭᠤᠬᠤ ᠬᠡᠰᠡᠨ ᠶᠤᠮ᠃ ᠬᠡᠪᠡᠴᠥ ᠲᠡᠷᠨ ᠠᠶᠤᠮᠰᠢᠬᠳᠠᠢ ᠬᠥᠮᠥᠨ ︵ᠠᠳᠡ ᠡᠷᠬᠢᠮ ᠨᠤᠶᠠᠳ ᠲᠠ

ᠪᠥᠬᠦᠨ ᠳᠤ ᠲᠤᠳᠤᠷᠬᠠᠶᠢᠯᠠᠯ ᠬᠢᠬᠦ ᠬᠡᠷᠡᠭᠳᠡᠢ ᠪᠠᠶᠢᠨ᠎ᠠ᠃ ᠲᠡᠷᠨ ᠠᠶᠤᠮᠰᠢᠬᠳᠠᠢ ᠵᠦᠢᠯ ᠢ ᠬᠥᠮᠥᠨ ᠬᠡᠬᠦ ᠤᠤ ᠠᠮᠢᠳᠠᠨ

ᠬᠡᠬᠦ ᠤᠤ ᠪᠢ ᠮᠡᠳᠡᠬᠦ ᠥᠬᠡᠢ ᠪᠠᠶᠢᠨ᠎ᠠ᠃ ᠡᠰᠡᠬᠦᠯ᠎ᠡ ᠪᠢᠳᠠ ᠲᠡᠬᠦᠨ ᠢ ᠠᠶᠤᠮᠰᠢᠬᠳᠠᠨ ᠬᠡᠵᠤ ᠲᠥᠷ ᠨᠡᠷᠡᠯᠡᠵᠤ ᠪᠠᠶᠢᠶ᠎ᠠ

︶᠂ ᠪᠢᠳᠠᠨ ᠤ ᠬᠥᠮᠥᠨ ᠲᠥᠷᠥᠯᠬᠢᠳᠡᠨ ᠢ ᠤᠳᠬ᠎ᠠ ᠠᠭᠤᠯᠭ᠎ᠠ ᠥᠬᠡᠢ᠂ ᠠᠮᠢᠵᠢᠷᠠᠯ ᠤᠨ ᠬᠥᠴᠥᠨ ᠥᠬᠡᠢ ᠡᠷᠬᠡᠰ

ᠤᠷᠴᠢᠯᠠᠩ ᠤᠨ ᠤᠭ ᠲᠥᠯᠥᠪ ᠲᠤ ᠤᠷᠤᠭᠤᠯᠳᠠᠯ᠎ᠠ ᠴᠤᠬᠢᠬᠤ ᠬᠡᠰᠡᠨ ᠪᠠᠶᠢᠨ᠎ᠠ᠃ ᠬᠥᠮᠥᠨ ᠲᠥᠷᠥᠯᠬᠢᠳᠡᠨ ᠳᠤ

ᠠᠪᠴᠤ ᠬᠡᠯᠡᠪᠡᠯ᠂ ᠡᠨ᠋ᠨ ᠪᠤᠯ ᠰᠥᠨᠥᠬᠡᠯᠳᠡ ᠶᠢᠨ ᠴᠢᠨᠠᠷ ᠲᠠᠢ ᠠᠵᠢᠯᠯᠠᠭ᠎ᠠ ᠶᠤᠮ᠃ ᠲᠡᠷᠨ ᠠᠶᠤᠮᠰᠢᠬᠳᠠᠨ ᠪᠢᠳᠠᠨ ᠤ

ᠴᠠᠭ ᠬᠤᠭᠤᠴᠠᠭ᠎ᠠ ᠶᠢ ᠰᠠᠮᠠᠭᠤᠷᠠᠭᠤᠯᠵᠤ᠂ ᠪᠢᠳᠠᠨ ᠤ ᠲᠡᠥᠬᠡᠨ ᠤ ᠡᠯ᠎ᠡ ᠴᠠᠭ ᠲᠤ ᠬᠢ ᠨᠡᠷ᠎ᠡ ᠠᠯᠳᠠᠷ ᠲᠠᠢ

ᠬᠥᠮᠥᠰ ᠢ ᠬᠢᠳᠤᠵᠤ ᠬᠤᠷᠤᠭᠠᠨ᠂ ᠴᠠᠭ ᠤᠨ ᠪᠢᠯᠧᠲ ᠠᠴᠠ ᠨᠡᠷ᠎ᠡ ᠶᠢ ᠨᠢ ᠬᠠᠰᠤᠯ᠎ᠠ᠃ ᠲᠡᠳᠡᠨ ᠤ ᠰᠠᠭᠤᠵᠤ

ᠪᠠᠶᠢᠭᠰᠠᠨ ᠴᠠᠭ ᠤᠨ ᠸᠠᠭᠤᠨ ᠳᠤ ᠤᠳᠤ ᠵᠥᠪᠬᠡᠨ ᠵᠢᠩᠬᠢᠨᠢ ᠬᠤᠭᠤᠰᠤᠨ ᠤᠷᠤᠨ ᠵᠠᠢ ᠯᠨ ᠥᠯᠡᠳᠡᠬᠡᠳ ᠪᠠᠶᠢᠭ᠎ᠠ

ᠶᠤᠮ᠃ ᠲᠡᠭᠦᠨ ᠤ ᠰᠠᠨᠳᠠᠴᠢᠵᠤ ᠲᠠᠰᠤᠴᠢᠵᠤ ᠬᠠᠶᠠᠭᠰᠠᠨ ᠲᠡᠥᠬᠡ ᠤᠳᠤ ᠪᠤᠯᠳᠠᠯ᠎ᠠ ᠰᠠᠯᠪᠠᠷᠬᠠᠢ ᠲᠠᠰᠤᠷᠬᠠᠢ

ᠪᠠᠶᠢᠳᠠᠯ ᠢᠶᠠᠷ ᠥᠯᠡᠳᠡᠵᠤ ᠪᠠᠶᠢᠨ᠎ᠠ᠃ ᠬᠥᠮᠥᠨ ᠲᠥᠷᠥᠯᠬᠢᠳᠡᠨ ᠡᠨᠡ ᠬᠦ ᠲᠠᠰᠤᠷᠬᠠᠢ ᠰᠠᠯᠪᠠᠷᠬᠠᠢ ᠪᠠ ᠠᠶᠤᠯ ᠲᠠᠢ ᠬᠡᠢ

ᠬᠤᠭᠤᠰᠤᠨ ᠢ ᠬᠡᠴᠢᠨᠡᠭᠡᠨ ᠲᠥᠮᠡᠨ ᠵᠢᠯ ᠤᠨ ᠬᠤᠭᠤᠴᠠᠭ᠎ᠠ ᠬᠡᠷᠡᠭᠰᠡᠵᠤ ᠪᠠᠶᠢᠵᠤ ᠰᠠᠶ᠋ᠢ ᠨᠥᠬᠦᠨ ᠬᠥᠢᠴᠡᠳᠬᠡᠬᠦ

ᠪᠤᠯᠤᠨ᠎ᠠ᠃ ᠡᠶᠢᠮᠥ ᠠᠴᠠ ᠡᠨ᠋ᠨ ᠠᠶᠤᠮᠰᠢᠬᠳᠠᠨ ᠢ ᠡᠷᠬᠡᠪᠰᠢ ᠵᠠᠯᠬᠠᠭᠠᠬᠤ ᠬᠡᠷᠡᠭᠳᠡᠢ᠃ ᠰᠠᠭᠤᠭᠠᠯᠢᠴᠢᠳ ᠤᠨ ᠵᠥᠪᠯᠡᠯ

᠎ ᠤᠨ ᠡᠷᠬᠢᠮ ᠨᠤᠶᠠᠳ ᠲᠠ ᠡᠷᠬᠡᠪᠰᠢ ᠬᠢᠨᠠᠮᠠᠭᠠᠢ ᠬᠠᠨᠳᠤᠬᠤ ᠪᠤᠯᠪᠠ ᠤᠤ︖

ᠡᠨ᠋ᠨ ᠪᠤᠯ ᠲᠡᠯᠡᠬᠡᠢ ᠶᠢᠨ ᠰᠠᠭᠤᠭᠠᠯᠢᠴᠢᠳ ᠤᠨ ᠵᠥᠪᠯᠡᠯ ᠳᠤ ᠲᠡᠪᠰᠢᠬᠦᠯᠥᠭᠰᠡᠨ MANU᠎ ᠶᠢᠨ ᠪᠥᠬᠦᠢ ᠯᠨ

ᠵᠠᠭᠠᠯᠳᠤᠯᠭ᠎ᠠ ᠶᠢᠨ ᠶᠠᠷᠢᠶ᠎ᠠ ᠪᠤᠯᠬᠤ ᠶᠤᠮ᠃ ᠡᠬᠦᠨ ᠢ ᠨᠢ ᠰᠠᠭᠤᠭᠠᠯᠢᠴᠢᠳ ᠤᠨ ᠵᠥᠪᠯᠡᠯ ᠤᠨ ᠬᠡᠷᠢᠶ᠎ᠡ ᠰᠢᠭ

ᠨᠠᠪᠳᠠᠷᠬᠠᠢ ᠬᠠᠷ᠎ᠠ ᠲᠡᠪᠡᠯ ᠬᠡᠳᠥᠷᠡᠭᠰᠡᠨ ᠰᠢᠬᠦᠭᠴᠢᠳ ᠠᠬᠢᠨ ᠲᠠᠭᠢᠨ ᠶᠠᠷᠢᠯᠴᠠᠵᠠᠭᠠᠪᠠ᠃

ᠡᠳᠡᠬᠡᠷ ᠰᠢᠬᠦᠭᠴᠢᠳ ᠪᠤᠯ ᠲᠡᠷᠨ ᠨᠢᠬᠡ ᠴᠠᠭ ᠲᠤ ᠡᠷᠡᠬᠡᠢ ᠮᠡᠷᠬᠡᠨ ᠢ ᠰᠢᠬᠦᠭᠰᠡᠨ ᠨᠢᠭᠤᠴᠠᠭᠠᠢ ᠲᠠᠯᠳᠠ ᠬᠥᠮᠥᠰ

ᠮᠥᠨ᠃ ᠲᠡᠳᠡᠨ ᠤ ᠨᠢᠭᠤᠷ ᠴᠢᠷᠠᠢ ᠶᠢ ᠬᠡᠨ ᠴᠤ ᠲᠤᠳᠤ ᠬᠠᠷᠠᠭ᠎ᠠ ᠥᠬᠡᠢ᠃ ᠥᠬᠡᠷ᠎ᠡ ᠨᠢᠬᠡᠨ ᠴᠠᠭ ᠲᠤ᠂ ᠥᠯᠥᠭ

ᠬᠥᠷᠪᠡᠯ ᠤᠳ ᠢ ᠬᠡᠮᠵᠢᠶ᠎ᠡ ᠥᠬᠡᠢ ᠥᠰᠥᠯᠳᠡ ᠶᠢᠨ ᠥᠷᠢᠰᠥᠯᠳᠥᠬᠡᠨ ᠢᠶᠠᠨ ᠵᠤᠭᠰᠤᠭᠠᠳᠤᠭᠠᠢ ᠬᠡᠮᠡᠨ ᠢᠳᠬᠠᠵᠤ

ᠪᠠᠶᠢᠭᠰᠠᠨ ᠬᠥᠮᠥᠰ ᠴᠤ ᠡᠳᠡ ᠯᠨ ᠶᠤᠮ ᠳ᠋ᠠ᠃

ᠰᠢᠬᠦᠭᠴᠢᠳ ᠨᠠᠷᠢᠨ ᠬᠢᠨᠠᠮᠠᠭᠠᠢ ᠶᠠᠷᠢᠯᠴᠠᠭᠰᠠᠨ ᠤ ᠳ᠋ᠥᠡᠭ ᠳᠤ MANU᠎ ᠶᠢᠨ ᠵᠠᠭᠠᠯᠳᠤᠯᠭ᠎ᠠ ᠶᠢᠨ ᠲᠤᠬᠠᠢ ᠬᠡᠳᠥᠨ

ᠵᠦᠢᠯ ᠤᠨ ᠰᠢᠬᠦᠬᠦ ᠲᠤᠷᠠᠳᠤᠯᠭ᠎ᠠ ᠭᠠᠷᠭᠠᠪᠠ᠃

— ᠡᠷᠬᠢᠮ MNAU ᠠᠪᠤᠭᠠᠢ᠂ ᠲᠠᠨ ᠤ ᠬᠢᠯᠢᠩᠨᠡᠨ ᠵᠠᠭᠠᠯᠳᠤᠬᠤ ᠪᠠᠴᠢᠮ ᠰᠡᠳᠬᠢᠯᠬᠡ ᠶᠢ ᠪᠢᠳᠠ

ᠪᠥᠷᠢᠨ ᠤᠶᠢᠯᠠᠭᠠᠵᠤ ᠪᠠᠶᠢᠨ᠎ᠠ᠃ ᠬᠡᠪᠡᠴᠥ ᠲᠠᠨ ᠤ ᠵᠠᠭᠠᠯᠳᠤᠯᠭ᠎ᠠ ᠳᠤ ᠬᠡᠳᠥᠨ ᠵᠦᠢᠯ ᠤᠨ ᠪᠤᠷᠤᠭᠤ ᠤᠶᠢᠯᠠᠭᠠᠯᠳᠠ

ᠤᠷᠤᠰᠢᠵᠤ ᠪᠤᠢ᠃ ᠲᠡᠯᠡᠬᠡᠢ ᠶᠢᠨ ᠰᠠᠭᠤᠭᠠᠯᠢᠴᠢᠳ ᠤᠨ ᠵᠥᠪᠯᠡᠯ ᠤᠨ ᠬᠡᠰᠢᠬᠦᠳ ᠪᠤᠯᠤᠭᠰᠠᠨ ᠤ ᠬᠤᠪᠢ ᠳᠤ᠂

ᠪᠢᠳᠠ ᠡᠷᠬᠡᠪᠰᠢ ᠡᠳᠡᠬᠡᠷ ᠲᠤᠳᠤ ᠪᠤᠰᠤ ᠤᠬᠠᠭᠳᠠᠬᠤᠨ ᠢ ᠲᠤᠳᠤᠷᠬᠠᠶᠢᠯᠠᠬᠤ ᠴᠢᠬᠤᠯᠨ ᠲᠠᠢ ᠶᠤᠮ᠃ ᠨᠢᠬᠡ ᠳᠤ᠂

ᠰᠠᠬᠢᠭᠤᠯᠰᠤᠨ᠂ ᠬᠥᠮᠥᠨ ᠲᠥᠷᠥᠯᠬᠢᠳᠡᠨ ᠢ ᠵᠤᠬᠢᠶᠠᠭᠰᠠᠨ ᠨᠢ ᠠᠷᠪᠠᠨ ᠨᠠᠷᠠᠨ ᠤ ᠲᠠᠷᠠᠭᠠᠬᠢ ᠬᠤᠪᠠᠭ᠋ᠠᠢ ᠬᠠᠯᠴᠠᠭᠠᠢ

ᠭᠠᠵᠠᠷ ᠲᠤ ᠥᠬᠡᠷ᠎ᠡ ᠨᠢᠬᠡ ᠵᠦᠢᠯ ᠤᠨ ᠥᠡᠭᠭᠡ ᠪᠠ ᠥᠬᠡᠷ᠎ᠡ ᠨᠢᠬᠡ ᠵᠦᠢᠯ ᠤᠨ ᠠᠮᠢᠵᠢᠷᠠᠯ ᠤᠨ ᠬᠥᠴᠥᠨ

ᠤᠯᠭᠤᠬᠤ ᠬᠡᠰᠡᠨ ᠪᠤᠰᠤ᠂ ᠬᠠᠷᠢᠨ ᠠᠷᠪᠠᠨ ᠨᠠᠷᠠᠨ ᠤ ᠲᠠᠷᠠᠭᠠᠬᠢ ᠬᠤᠪᠠᠭ᠋ᠠᠢ ᠬᠠᠯᠴᠠᠭᠠᠢ ᠭᠠᠵᠠᠷ ᠲᠤ ᠬᠢ ᠤᠳᠬ᠎ᠠ

ᠠᠭᠤᠯᠭ᠎ᠠ ᠥᠬᠡᠢ ᠵᠦᠢᠯ ᠢ ᠨᠥᠬᠦᠬᠦ ᠬᠡᠵᠡᠢ᠃ ᠡᠨ᠋ᠨ ᠤᠳᠬ᠎ᠠ ᠠᠴᠠ ᠤᠶᠢᠯᠠᠭᠠᠪᠠᠯ᠂ ᠬᠥᠮᠥᠨ ᠲᠥᠷᠥᠯᠬᠢᠳᠡᠨ ᠪᠤᠯ

ᠲᠠᠷᠤᠢ ᠤᠳᠬ᠎ᠠ ᠠᠭᠤᠯᠭ᠎ᠠ ᠥᠬᠡᠢ ᠶᠢᠨ ᠲᠤᠰ ᠪᠡᠶ᠎ᠡ ᠨᠢ ᠶᠤᠮ᠃ ᠥᠨᠡᠨ ᠳᠡᠭᠡᠨ ᠬᠥᠮᠥᠨ ᠲᠥᠷᠥᠯᠬᠢᠳᠡᠨ ᠢ

ᠵᠤᠬᠢᠶᠠᠭᠰᠠᠨ ᠨᠢ ᠲᠠᠷᠤᠢ ᠲᠡᠭᠦᠨ ᠤ ᠤᠳᠬ᠎ᠠ ᠠᠭᠤᠯᠭ᠎ᠠ ᠥᠬᠡᠢ ᠴᠢᠨᠠᠷ ᠢ ᠴᠢᠬᠤᠯᠠᠴᠢᠯᠠᠬᠤ

〖YM4”BZ#31mm%45mm=10〗᠎ ᠶᠢᠨ ᠲᠥᠯᠥᠬᠡ ᠪᠢᠯᠨ᠃ ᠬᠡᠪᠡᠴᠥ ᠬᠥᠮᠥᠨ

ᠲᠥᠷᠥᠯᠬᠢᠳᠡᠨ ᠲᠤᠰ ᠪᠡᠶ᠎ᠡ ᠶᠢ ᠨᠢ ᠵᠤᠬᠢᠶᠠᠭᠰᠠᠨ ᠨᠦᠢᠷᠮᠤᠭ ᠰᠠᠬᠢᠭᠤᠯᠰᠤᠨ ᠢ ᠪᠠᠷᠢᠵᠤ ᠬᠤᠷᠢᠭᠰᠠᠨ ᠢᠶᠠᠷ ᠤᠳᠬ᠎ᠠ

ᠠᠭᠤᠯᠭ᠎ᠠ ᠥᠬᠡᠢ ᠶᠢ ᠤᠳᠬ᠎ᠠ ᠠᠭᠤᠯᠭ᠎ᠠ ᠲᠠᠢ ᠵᠦᠢᠯ ᠪᠤᠯᠭᠠᠨ ᠬᠤᠪᠢᠷᠠᠭᠤᠯᠪᠠ᠃ ᠢᠡᠭᠭᠢᠬᠡᠳ ᠥᠵᠡᠪᠡᠯ᠂ ᠡᠩ

ᠲᠡᠷᠢᠬᠦᠨ ᠳᠤ ᠡᠷᠬᠡᠰ ᠤᠨ ᠲᠥᠷᠢᠮ ᠭᠤᠷᠢᠮ ᠠᠴᠠ ᠵᠥᠷᠢᠴᠡᠭᠰᠡᠨ ᠨᠢ ᠲᠠᠨ ᠤ ᠬᠥᠮᠥᠨ ᠲᠥᠷᠥᠯᠬᠢᠳᠡᠨ ᠪᠤᠯᠤᠨ᠎ᠠ᠃

ᠬᠤᠶᠠᠳᠤᠭᠠᠷ ᠲᠤ᠂ ᠬᠠᠶᠢᠷᠤᠪ ᠪᠠᠭᠠᠳᠤᠷ ᠲᠠᠨ ᠤ ᠴᠠᠭ ᠬᠤᠭᠤᠴᠠᠭ᠎ᠠ ᠶᠢ ᠰᠠᠮᠠᠭᠤᠷᠠᠭᠤᠯᠤᠭᠰᠠᠨ ᠤᠴᠢᠷ ᠲᠤ ᠬᠡᠷᠡᠴᠢ

ᠪᠠᠷᠢᠮᠳᠠ ᠲᠤᠳᠠᠨ᠎ᠠ᠃ ᠥᠨᠡᠨ ᠳᠡᠭᠡᠨ ᠴᠠᠭ ᠬᠤᠭᠤᠴᠠᠭ᠎ᠠ ᠬᠡᠭᠴᠢ ᠡᠷᠬᠡᠰ ᠲᠡᠯᠡᠬᠡᠢ ᠳᠤ ᠥᠯᠥ ᠤᠷᠤᠰᠢᠬᠤ ᠵᠦᠢᠯ

ᠶᠤᠮ᠃ ᠡᠶᠢᠮᠥ ᠥᠯᠥ ᠤᠷᠤᠰᠢᠬᠤ ᠵᠦᠢᠯ ᠢᠶᠠᠷ ᠪᠤᠰᠤᠳ ᠲᠤ ᠶᠠᠯ᠎ᠠ ᠨᠥᠮᠥᠷᠬᠡᠬᠦ ᠬᠡᠭᠴᠢ ᠪᠠᠶᠢᠵᠤ ᠪᠤᠯᠤᠰᠢ ᠥᠬᠡᠢ

ᠵᠦᠢᠯ ᠳ᠋ᠠ᠃ ᠲᠡᠭᠡᠷᠡᠬᠢ ᠬᠤᠶᠠᠷ ᠤᠶᠢᠯᠠᠭᠠᠭᠳᠠᠬᠤᠨ ᠳᠤ ᠰᠠᠭᠤᠷᠢᠯᠠᠵᠤ᠂ ᠪᠢᠳᠠᠨ ᠤ ᠬᠠᠮᠤᠭ ᠰᠡᠬᠦᠯᠴᠢ ᠶᠢᠨ

ᠰᠢᠬᠦᠯᠳᠡ ᠶᠢᠨ ᠰᠠᠨᠠᠯ ᠭᠠᠷᠤᠯ᠎ᠠ ᠬᠡᠵᠤ ᠬᠡᠷᠢᠶᠡᠨ ᠲᠡᠪᠡᠯ ᠲᠠᠢ ᠨᠢᠬᠡ ᠰᠢᠬᠦᠭᠴᠢ ᠬᠡᠯᠡᠬᠦ ᠳᠤ᠂ ᠠᠷᠪᠠᠨ ᠬᠡᠳᠥᠨ

ᠰᠢᠬᠦᠭᠴᠢᠳ ᠪᠤᠰᠴᠤ ᠵᠤᠭᠰᠤᠵᠠᠭᠠᠪᠠ᠃

— ᠬᠥᠮᠥᠨ ᠲᠥᠷᠥᠯᠬᠢᠳᠡᠨ ᠰᠠᠬᠢᠭᠤᠯᠰᠤᠨ ᠤ ᠵᠤᠬᠢᠶᠠᠭᠰᠠᠨ ᠤᠤᠯ ᠰᠠᠨᠠᠭᠠᠨ ᠠᠴᠠ ᠲᠡᠷᠰᠯᠡᠵᠤ᠂ ᠡᠷᠬᠡᠰ ᠤᠨ

ᠬᠠᠤᠯᠢ ᠶᠢ ᠥᠳᠡᠬᠡᠷᠡᠪᠡ᠃ ᠡᠶᠢᠮᠥ ᠠᠴᠠ MANU᠎ ᠶᠢᠨ ᠵᠠᠷᠭᠤ ᠬᠥᠴᠥᠨ ᠥᠬᠡᠢ᠂ ᠬᠠᠶᠢᠷᠤᠪ ᠪᠠᠭᠠᠳᠤᠷ ᠢ ᠶᠠᠯ᠎ᠠ

ᠥᠬᠡᠢ ᠪᠠᠷ ᠲᠤᠭᠳᠠᠭᠠᠨ᠎ᠠ᠃ ᠬᠥᠮᠥᠨ ᠲᠥᠷᠥᠯᠬᠢᠳᠡᠨ ᠡᠶᠢᠮᠥᠷᠬᠦᠦ ᠬᠥᠳᠬᠡᠯ ᠢᠶᠠᠷ ᠪᠤᠰᠤᠳ ᠲᠤ ᠬᠠᠨᠳᠤᠭᠰᠠᠨ ᠨᠢ

ᠮᠠᠨ ᠤ ᠰᠢᠬᠦᠭᠴᠢᠳ ᠤᠨ ᠪᠥᠯᠬᠦᠮ ᠤᠨ ᠲᠤᠷ᠎ᠠ ᠥᠬᠡᠶᠢᠴᠠᠯ ᠢ ᠬᠥᠷᠬᠡᠪᠡ᠃ ᠡᠶᠢᠮᠥ ᠠᠴᠠ ᠤᠳᠤ ᠪᠢᠳᠠᠨ ᠤ

ᠨᠡᠶᠢᠳᠡᠯᠡᠬᠦ ᠶᠤᠰᠤᠳᠠᠢ ᠰᠠᠨᠠᠯ ᠪᠤᠯ᠂ ᠪᠤᠢ ᠪᠥᠬᠦᠢ ᠰᠠᠬᠢᠭᠤᠯᠰᠤᠨ ᠪᠠ ᠪᠤᠢ ᠪᠥᠬᠦᠢ ᠠᠮᠢᠳᠠᠨ ᠤᠷᠭᠤᠮᠠᠯ᠂ ᠶᠢᠷᠳᠢᠨᠴᠥ

ᠲᠡᠯᠡᠬᠡᠢ ᠶᠢ ᠪᠥᠷᠢᠯᠳᠥᠬᠦᠯᠥᠭᠰᠡᠨ ᠪᠤᠢ ᠪᠥᠬᠦᠢ ᠡᠯᠧᠮᠧᠨ᠋ᠲ ᠨᠦᠭᠦᠳ ᠥᠨᠥᠳᠥᠷ ᠠᠴᠠ ᠡᠬᠢᠯᠡᠵᠤ ᠬᠥᠮᠥᠨ

ᠲᠥᠷᠥᠯᠬᠢᠳᠡᠨ ᠲᠠᠢ ᠬᠠᠷᠢᠴᠠᠭ᠎ᠠ ᠪᠠᠨ ᠲᠠᠰᠤᠯᠤᠨ᠎ᠠ᠃

ᠡᠨ᠋ᠨ ᠥᠬᠡ ᠶᠢ ᠬᠡᠯᠡᠭᠰᠡᠨ ᠤ ᠲᠠᠷᠠᠭ᠎ᠠ᠂ ᠲᠡᠨᠳᠡ ᠪᠠᠶᠢᠭᠰᠠᠳ ᠪᠥᠬᠦᠳᠡᠬᠡᠷ ᠴᠠᠭᠠᠰᠢ ᠬᠠᠨᠳᠤᠵᠤ᠂ ᠬᠥᠮᠥᠨ

ᠲᠥᠷᠥᠯᠬᠢᠳᠡᠨ ᠳᠤ ᠨᠢᠷᠤᠭᠤ ᠪᠠᠨ ᠬᠠᠷᠠᠭᠤᠯᠤᠨ ᠵᠤᠭᠰᠤᠵᠠᠭᠠᠭᠰᠠᠨ ᠠᠵᠢ᠃

223

ᠨᠦᠢᠷᠮᠤᠭ ᠰᠠᠬᠢᠭᠤᠯᠰᠤᠨ ᠤ ᠵᠢᠷᠭᠠᠯᠳᠤ ᠴᠡᠴᠡᠷᠯᠢᠭ ᠲᠤ ᠬᠥᠮᠥᠨ᠂ ᠪᠤᠰᠤᠳ ᠠᠮᠢᠳᠤ ᠪᠤᠳᠠᠰ ᠲᠠᠢ ᠠᠬ᠎ᠠ ᠲᠡᠭᠦᠥ

ᠪᠠᠶᠢᠯᠴᠠᠭᠰᠠᠨ ᠠᠳᠠᠯ᠎ᠠ᠂ ᠵᠢᠯᠤᠭᠤ ᠵᠤᠳᠤᠭ ᠥᠬᠡᠢ ᠬᠥᠰᠡᠯ ᠤᠨ ᠢᠶᠠᠨ ᠡᠷᠬᠡ ᠪᠠᠷ ᠠᠬ᠎ᠠ ᠲᠡᠭᠦᠥ ᠨᠠᠷ ᠢᠶᠠᠨ

ᠡᠷᠬᠡᠰᠢᠶᠡᠵᠤ᠂ ᠲᠡᠳᠡᠨ ᠢᠶᠠᠨ ᠠᠳᠠᠯᠠᠨ ᠪᠤᠷᠤᠭᠤᠰᠢᠶᠠᠵᠤ᠂ ᠠᠳᠠᠭ ᠰᠡᠬᠦᠯ ᠳᠤ ᠨᠢ ᠨᠡᠯᠥᠬᠡᠷ ᠤᠷᠴᠢᠯᠠᠩ ᠤᠨ ᠲᠤᠮᠳᠠ

ᠬᠠᠨᠢ ᠢᠵᠢᠯᠢ ᠥᠬᠡᠢ ᠭᠠᠭᠴᠠᠭᠠᠷᠳᠠᠬᠤ ᠶᠢᠨ ᠵᠤᠪᠠᠯᠠᠩ ᠢ ᠥᠵᠡᠵᠡᠢ᠃

ᠲᠡᠳᠡ ᠨᠦᠢᠷᠮᠤᠭ ᠰᠠᠬᠢᠭᠤᠯᠰᠤᠨ ᠤ ᠵᠢᠷᠭᠠᠯᠳᠤ ᠴᠡᠴᠡᠷᠯᠢᠭ ᠢ ᠲᠥᠮᠨ ᠮᠢᠩᠭᠠᠨ ᠵᠦᠢᠯ ᠢᠶᠠᠷ ᠤᠷᠠᠯᠠᠨ

ᠡᠷᠬᠢᠴᠡᠬᠦᠯᠵᠤ᠂ ᠲᠥᠮᠨ ᠮᠢᠩᠭᠠᠨ ᠭᠠᠶᠢᠬᠠᠯᠳᠠᠢ ᠰᠠᠶᠢᠬᠠᠨ ᠤᠷᠠᠨ ᠥᠬᠡᠰ ᠢᠶᠠᠷ ᠮᠠᠭᠳᠠᠨ ᠲᠠᠭᠤᠯᠠᠵᠤ᠂ ᠲᠥᠮᠨ

ᠮᠢᠩᠭᠠᠨ ᠵᠦᠢᠯ ᠤᠨ ᠥᠡᠭᠭᠡ ᠪᠤᠳᠤᠭ ᠢᠶᠠᠷ ᠴᠢᠮᠡᠨ ᠪᠤᠳᠤᠭᠯᠠᠭᠰᠠᠨ ᠪᠤᠯᠪᠠᠴᠤ ᠲᠡᠷᠨ ᠬᠦ ᠵᠢᠷᠭᠠᠯᠳᠤ ᠴᠡᠴᠡᠷᠯᠢᠭ

᠎ ᠲᠡᠭᠡᠨ ᠠᠬᠢᠨ ᠤᠷᠤᠵᠤ ᠴᠢᠳᠠᠭᠰᠠᠨ ᠥᠬᠡᠢ᠃ ᠡᠬᠦᠨ ᠤ ᠳ᠋ᠥᠡᠭ ᠳᠤ ᠲᠡᠳᠡ ᠬᠥᠮᠥᠨ ᠲᠥᠷᠥᠯᠭᠢᠳᠡᠨ ᠳᠤ ᠯᠨ

ᠥᠪᠡᠷᠮᠢᠴᠠ ᠤᠨᠴᠠᠭᠠᠢ ᠪᠠᠶᠢᠳᠠᠭ ᠤᠷᠠᠯᠢᠭ ᠢ ᠵᠤᠬᠢᠶᠠᠨ ᠪᠥᠳᠥᠬᠡᠵᠤ᠂ ᠪᠠᠶᠠᠯᠢᠬᠵᠢᠭᠤᠯᠤᠨ ᠴᠡᠴᠡᠭᠯᠡᠬᠦᠯᠪᠡ᠃

ᠲᠡᠳᠡ ᠬᠠᠨᠢ ᠢᠵᠢᠯᠢ ᠥᠬᠡᠢ ᠭᠠᠭᠴᠠᠭᠠᠷᠳᠠᠬᠤ ᠳᠠᠭᠠᠨ ᠮᠤᠳᠤ ᠴᠢᠯᠠᠭᠤ᠂ ᠠᠭᠤᠯᠨ ᠬᠠᠶᠢᠷᠬᠠᠨ᠂ ᠤᠰᠤ ᠮᠥᠷᠡᠨ

ᠶᠠᠭᠤ ᠪᠥᠬᠦᠨ ᠳᠤ ᠰᠢᠳᠥᠨ ᠲᠠᠭᠠᠳᠬᠠᠵᠤ ᠪᠠᠶᠢᠪᠠ᠃ ᠲᠡᠳᠡ ᠲᠦᠢᠯ ᠤᠨ ᠲᠠᠷᠤᠤ ᠤᠪᠤᠷ ᠢᠶᠠᠷ ᠲᠡᠭᠷᠢ ᠶᠢ ᠡᠴᠢᠬᠡ

ᠲᠠᠭᠤᠳᠠᠨ᠂ ᠭᠠᠵᠠᠷ ᠢ ᠡᠬᠡ ᠲᠠᠭᠤᠳᠠᠵᠤ᠂ ᠬᠡᠥᠬᠡᠳ ᠰᠢᠭ ᠢᠶᠠᠷ ᠡᠳᠥᠬᠡᠨ ᠭᠠᠵᠠᠷ ᠤᠨ ᠢᠶᠠᠨ ᠡᠪᠥᠷ ᠲᠤ ᠰᠢᠷᠭᠤᠬᠤ

ᠬᠡᠳᠡᠯ᠎ᠡ ᠡᠬᠡ ᠭᠠᠵᠠᠷ ᠨᠢ ᠲᠡᠳᠡᠨ ᠢ ᠬᠠᠶᠢᠷ᠎ᠠ ᠨᠠᠶᠢᠷ ᠥᠬᠡᠢ ᠢᠰᠬᠦᠯᠥᠨ ᠭᠠᠷᠭᠠᠵᠠᠢ᠃ ᠨᠢᠴᠥᠬᠦᠨ ᠭᠠᠷ ᠢᠶᠠᠷ ᠢᠶᠠᠨ

ᠲᠡᠪᠢᠨ ᠨᠢᠰᠥᠭᠴᠢ A ᠢᠯᠡᠷᠡᠬᠦ ᠪᠤᠯᠳᠠᠯ᠎ᠠ ᠡᠬᠡ ᠭᠠᠵᠠᠷ ᠬᠥᠮᠥᠨ ᠲᠥᠷᠥᠯᠬᠢᠳᠡᠨ ᠢ ᠡᠩᠭᠦᠷᠡᠶᠢᠯᠡᠵᠤ ᠰᠠᠨᠠᠬᠤ ᠪᠠᠨ

ᠪᠤᠯᠢᠭᠠᠳ ᠨᠢᠬᠡᠨᠳᠡ ᠤᠳᠠᠭᠰᠠᠨ ᠪᠠᠶᠢᠪᠠ᠃

ᠬᠥᠮᠥᠨ ᠲᠥᠷᠥᠯᠬᠢᠳᠡᠨ ᠤ ᠰᠤᠳᠤᠨ ᠰᠡᠳᠬᠢᠭᠴᠢ᠂ ᠱᠠᠬᠢ ᠤᠪᠤᠭᠳᠠᠨ ᠤ ᠢᠯᠠᠭᠤᠭᠰᠠᠨ ᠬᠥᠪᠡᠬᠦᠨ ᠱᠠᠬᠢᠮᠤᠨᠢ᠄

— ᠨᠠᠮᠠᠢᠢ ᠰᠢᠳᠥᠵᠤ ᠥᠯᠥ ᠪᠤᠯᠤᠨ᠎ᠠ᠂ ᠨᠠᠮᠠᠢᠢ ᠳᠤ ᠬᠥᠷᠥᠭ ᠲᠥᠷᠢ ᠬᠢᠵᠤ ᠥᠯᠥ ᠪᠤᠯᠤᠨ᠎ᠠ ᠬᠡᠵᠤ ᠤᠨᠴᠠᠯᠠᠨ

ᠵᠠᠬᠢᠭᠰᠠᠨ ᠠᠳᠠᠯ᠎ᠠ ᠲᠡᠭᠦᠨ ᠢ ᠨᠥᠭᠴᠢᠭᠰᠡᠨ ᠤ ᠬᠢ ᠨᠢ ᠬᠡᠳᠥᠨ ᠵᠠᠭᠤᠨ ᠵᠢᠯ ᠤᠨ ᠲᠠᠷᠠᠭ᠎ᠠ ᠬᠥᠮᠥᠰ ᠠᠭᠤᠯᠨ ᠶᠢ

ᠨᠤᠷᠠᠭᠠᠨ ᠴᠠᠪᠴᠢᠵᠤ᠂ ᠱᠠᠬᠢᠮᠤᠨᠢ ᠪᠤᠷᠬᠠᠨ ᠤ ᠡᠶᠡᠯᠳᠡᠭ ᠨᠠᠮᠤᠭᠤᠬᠠᠨ ᠲᠥᠷᠢ ᠪᠠᠶᠢᠳᠠᠯ ᠢ ᠰᠡᠶᠢᠯᠵᠡᠢ᠃ ᠬᠥᠮᠥᠨ

ᠲᠥᠷᠥᠯᠬᠢᠳᠡᠨ ᠴᠢᠯᠠᠭᠤ ᠪᠠᠷ ᠬᠢᠭᠰᠡᠨ ᠪᠤᠷᠬᠠᠨ ᠤ ᠬᠥᠷᠥᠭ ᠢ ᠬᠠᠷᠠᠬᠤ ᠳᠠᠭᠠᠨ ᠰᠡᠳᠬᠢᠯ ᠨᠢ ᠰᠥᠵᠢᠷᠡᠨ ᠪᠢᠰᠢᠷᠡᠵᠤ᠂

ᠢᠳᠡᠬᠡᠯ ᠨᠢ ᠬᠥᠵᠢᠷᠡᠨ ᠢᠪᠢᠯᠥᠨ᠎ᠡ᠃

ᠬᠡᠪᠡᠴᠥ ᠲᠡᠳᠡᠨ ᠤ ᠬᠢᠵᠤ ᠭᠠᠷᠭᠠᠭᠰᠠᠨ ᠴᠢᠯᠠᠭᠤᠨ ᠪᠤᠷᠬᠠᠨ᠂ ᠨᠢᠬᠡᠨᠳᠡ ᠯᠨ ᠴᠢᠯᠠᠭᠤᠨ ᠬᠥᠮᠥᠨ ᠤ ᠬᠥᠢᠳᠡᠮᠰᠥᠭ

ᠬᠠᠶᠢᠬᠤᠷᠤᠮᠵᠢ ᠥᠬᠡᠢ ᠲᠥᠷᠬᠦ ᠳᠤ ᠤᠷᠤᠵᠤ᠂ ᠥᠪᠡᠷ ᠢ ᠨᠢ ᠰᠢᠳᠥᠨ ᠮᠥᠷᠭᠦᠭᠴᠢ ᠬᠥᠮᠥᠨ ᠲᠥᠷᠥᠯᠬᠢᠳᠡᠨ ᠢ

ᠲᠤᠭᠤᠮᠵᠢᠷ ᠥᠬᠡᠢ ᠬᠥᠢᠳᠡᠬᠡᠨ ᠬᠠᠷᠠᠴᠠ ᠪᠠᠷ ᠬᠠᠷᠠᠵᠤ ᠪᠠᠶᠢᠯ᠎ᠠ᠃

224

ᠲᠡᠭᠦᠨ ᠲᠠᠢ ᠪᠢ ᠨᠢᠭᠤᠯᠴᠠᠨ ᠲᠤᠭᠯᠠᠵᠤ \ ᠲᠡᠭᠦᠨ ᠠᠴᠠ ᠪᠢ ᠤᠷᠭᠤᠨ ᠵᠢᠭᠤᠳᠠᠵᠤ \

ᠪᠡᠷᠭᠡ ᠬᠤᠯᠨ ᠰᠡᠳᠭᠢᠬᠦᠢ ᠴᠤ ᠬᠥᠷᠥᠭᠡ ᠥᠬᠡᠢ ᠭᠠᠵᠠᠷ ᠢᠶᠠᠷ \ ᠪᠡᠳᠡᠷᠢᠨ ᠲᠡᠨᠤᠵᠤ ᠤᠯᠠᠨ ᠵᠢᠯ ᠶᠠᠪᠤᠯ᠎ᠠ

ᠬᠥᠷᠥᠭᠰᠡᠨ ᠭᠠᠵᠠᠷ ᠮᠢᠨᠢ ᠥᠨᠥᠬᠢ ᠲᠠᠭᠠᠯᠳᠤᠨ ᠬᠥᠢᠴᠡᠵᠤ \

ᠬᠤᠷᠴᠠ ᠢᠯᠳᠥ ᠪᠠᠷ ᠢᠶᠠᠨ ᠠᠭᠠᠷ ᠢ ᠴᠠᠪᠴᠢᠨ ᠬᠠᠨᠭ᠍ᠭᠢᠨᠠᠭᠤᠯᠤᠭᠰᠠᠭᠠᠷ \

ᠬᠥᠭᠰᠡᠭᠦᠥ ᠰᠠᠭᠰᠠᠭᠤ ᠪᠠᠷᠢᠮᠠᠯᠴᠢᠨ ᠰᠢᠬ ᠢᠶᠠᠷ \

ᠬᠥᠭᠰᠢᠷᠡᠬᠦ ᠲᠥᠷᠢ ᠶᠢ ᠮᠢᠨᠢ ᠱᠤᠭᠤᠭᠰᠠᠭᠠᠷ ᠪᠠᠶᠢᠨ᠎ᠠ

ᠵᠠᠭᠤᠷᠠᠳᠤ ᠶᠢᠨ ᠶᠠᠭᠤᠮ᠎ᠠ ᠶᠢ \

ᠡᠬᠦᠷᠢᠳᠡ ᠶᠢᠨ ᠪᠤᠯᠭᠠᠨ ᠴᠠᠪᠴᠢᠵᠤ \

ᠵᠡᠬᠦᠳᠥ ᠶᠢ ᠮᠢᠨᠢ ᠴᠤ ᠲᠡᠷᠨ \

ᠬᠤᠷᠤᠮ ᠠᠯᠳᠠᠯ ᠥᠬᠡᠢ ᠰᠡᠶᠢᠯᠥᠭᠰᠡᠭᠡᠷ ᠪᠠᠶᠢᠨ᠎ᠠ

ᠠᠬᠢᠭᠠᠳ ᠶᠡᠷᠥ ᠬᠤᠪᠢᠷᠠᠬᠤ ᠪᠠᠨ ᠪᠤᠯᠢᠭᠰᠠᠨ ᠲᠡᠷᠨ ᠱᠤᠭᠤᠮᠠᠯ ᠤᠳ \

ᠠᠶᠠᠨ ᠤ ᠮᠢᠨᠢ ᠬᠤᠳᠠ ᠶᠢᠨ ᠴᠡᠴᠡᠷᠯᠢᠭ ᠪᠥᠬᠦᠨ ᠳᠤ ᠪᠤᠰᠤᠭᠰᠠᠭᠠᠷ ᠪᠠᠶᠢᠨ᠎ᠠ

ᠲᠠᠭᠤᠰᠤᠰᠢ ᠥᠬᠡᠢ ᠠᠶᠠᠨ ᠤ ᠮᠥᠡᠭᠭᠡ ᠶᠢᠨ ᠴᠢᠨᠠᠷ ᠢ ᠮᠡᠳᠡᠭᠦᠯᠵᠥ \

ᠲᠠᠭᠤᠤ ᠶᠢ ᠮᠢᠨᠢ ᠲᠡᠷᠨ ᠰᠠᠯᠬᠢ ᠲᠠᠢ ᠬᠤᠪᠯᠠᠨ \

ᠬᠡᠯᠳᠡᠯᠵᠤ ᠬᠤᠯᠳᠤᠯᠤᠭᠰᠠᠭᠠᠷ ᠪᠠᠶᠢᠨ᠎ᠠ

ᠠᠯᠵᠠᠭᠤᠷᠠᠨ ᠬᠡᠪᠳᠡᠬᠦ ᠳᠤ ᠰᠤᠷᠤᠨ ᠲᠠᠰᠢᠭᠤᠷ ᠢᠶᠠᠷ ᠤᠷᠢᠶᠠᠯᠭᠠᠵᠤ \

ᠠᠯᠳᠠᠭᠤᠯ ᠮᠠᠯ ᠰᠢᠬ ᠨᠠᠮᠠᠢᠢ ᠲᠡᠷᠨ \

ᠥᠬᠦᠯ ᠤᠨ ᠬᠠᠰᠢᠶᠠᠨ ᠲᠡᠶᠢᠰᠢ ᠲᠠᠭᠤᠭᠰᠠᠭᠠᠷ ᠪᠠᠶᠢᠨ᠎ᠠ

ᠲᠡᠭᠦᠨ ᠳᠤ ᠪᠢ ᠡᠴᠥᠰ ᠲᠡᠭᠡᠨ ᠬᠥᠢᠴᠡᠭᠳᠡᠵᠤ \

ᠲᠡᠭᠦᠨ ᠲᠠᠢ ᠪᠢ ᠤᠷᠠᠯᠴᠠᠨ ᠵᠠᠭᠤᠷᠠᠯᠳᠤᠵᠤ \

ᠪᠡᠷᠭᠡ ᠬᠤᠯᠨ \

ᠰᠡᠳᠬᠢᠬᠦᠢ ᠶᠢᠨ ᠴᠢᠨᠠᠳᠤ ᠬᠢᠵᠠᠭᠠᠷ ᠲᠡᠭᠡᠷ᠎ᠡ \

ᠪᠡᠭᠡᠷᠡᠭᠰᠡᠨ ᠡᠪᠥᠳᠥᠭ ᠢᠶᠠᠨ ᠲᠡᠭᠦᠨ ᠤ ᠥᠯᠮᠡᠢ ᠳᠤ ᠨᠤᠭᠤᠯᠤᠯ᠎ᠠ

ᠥᠬᠦᠯ ᠢ ᠴᠤ ᠡᠰᠡ ᠤᠶᠢᠰᠢᠶᠠᠨ \

ᠤᠮᠤᠭᠯᠠᠩ ᠶᠠᠪᠤᠭᠰᠠᠨ ᠨᠠᠮᠠᠢᠢ \

ᠥᠬᠡ ᠰᠢᠯᠥᠭ ᠲᠠᠭᠤᠤ ᠲᠠᠢ ᠮᠢᠨᠢ ᠴᠤᠭ \

ᠥᠨᠡᠨ ᠤ ᠭᠠᠵᠠᠷ ᠤᠷᠬᠢᠵᠤ \

ᠡᠴᠥᠰ ᠲᠡᠭᠦᠰᠭᠡᠯ ᠥᠬᠡᠢ ᠠᠶᠠᠨ ᠳᠠᠭᠠᠨ ᠲᠡᠷᠨ \

ᠨᠠᠮᠠᠢᠢ ᠬᠠᠶᠠᠨ ᠤᠳᠪᠠ \

ᠡᠴᠥᠰ ᠤᠨ ᠨᠢᠬᠡ ᠱᠤᠭᠤᠮᠠᠯ ᠨᠢ \

ᠪᠢ ᠥᠪᠡᠷ ᠢᠶᠠᠨ ᠶᠤᠮᠰᠠᠨᠵᠠᠢ

ᠴᠢᠯᠠᠭᠤᠨ ᠬᠥᠮᠥᠨ ᠡᠳ᠋ ᠨᠤᠷᠠᠾ ᠶᠠᠵᠨ ᠬᠡᠮᠥᠨ ᠤ ᠪᠢᠴᠢᠭᠰᠡᠨ ᠡᠨ᠋ᠨ ᠰᠢᠯᠥᠭ ᠤᠨ ᠤᠭ ᠭᠠᠷᠴᠠᠭ ᠨᠢ ︽ᠴᠠᠭ

ᠮᠥᠴᠡ︾ ᠬᠡᠵᠤ ᠪᠠᠶᠢᠪᠠ᠃ ᠡᠨ᠋ᠨ ᠰᠢᠯᠥᠭ ᠤᠨ ᠤᠷᠠᠯᠢᠭ ᠤᠨ ᠬᠢᠷᠢ ᠲᠥᠪᠰᠢᠨ ᠢ ᠲᠥᠷ ᠶᠠᠷᠢᠯᠴᠠᠬᠤ ᠥᠬᠡᠢ

ᠤᠷᠬᠢᠵᠤ᠂ ᠲᠡᠭᠦᠨ ᠳᠤ ᠠᠭᠤᠯᠤᠭᠳᠠᠵᠤ ᠪᠠᠶᠢᠭ᠎ᠠ ᠮᠡᠳᠡᠭᠡ ᠵᠠᠩᠭᠢ ᠶᠢ ᠰᠡᠬᠦᠵᠤ ᠥᠵᠡᠵᠤ ᠪᠤᠯᠤᠨ᠎ᠠ᠃ ᠡᠳ᠋ ᠨᠤᠷᠠᠾ

ᠶᠠᠵᠨ ᠬᠡᠮᠥᠨ ᠤ ᠥᠬᠡ ᠪᠠᠷ ᠪᠤᠯ᠂ ᠴᠠᠭ ᠮᠥᠴᠡ ᠲᠡᠭᠦᠨ ᠢ ᠠᠬᠢᠨ ᠲᠠᠭᠢᠨ ᠲᠥᠷᠥᠵᠡᠢ᠃ ᠲᠡᠷᠨ ᠥᠨᠥ ᠮᠡᠯᠵᠢᠨ

ᠵᠢᠭᠤᠳᠠᠵᠤ ᠥᠯᠥ ᠴᠢᠳᠠᠬᠤ ᠠᠶᠠᠨ ᠤ ᠪᠠᠨ ᠲᠤᠮᠳᠠ ᠥᠢ ᠲᠥᠮᠡᠨ ᠴᠢᠯᠠᠭᠤᠨ ᠱᠤᠭᠤᠮᠠᠯ ᠤᠳ ᠢ ᠵᠠᠮ ᠳᠤ

ᠲᠠᠭᠠᠷᠢᠯᠳᠤᠭᠰᠠᠨ ᠬᠤᠳᠠ ᠶᠢᠨ ᠴᠡᠴᠡᠷᠯᠢᠭ ᠤᠳ ᠲᠤ ᠤᠷᠬᠢᠵᠠᠢ᠃

ᠬᠡᠰᠡᠭ ᠥᠶ᠎ᠡ ᠬᠠᠶᠢᠷᠤᠪ ᠪᠠᠭᠠᠳᠤᠷ ᠡᠳᠡᠬᠡᠷ ᠴᠡᠴᠡᠷᠯᠢᠭ ᠤᠳ ᠲᠤ ᠬᠤᠨᠤᠵᠤ ᠪᠠᠶᠢᠪᠠ᠃

ᠴᠡᠴᠡᠷᠯᠢᠭ ᠤᠨ ᠱᠤᠭᠤᠮᠠᠯ ᠤᠳ ᠴᠠᠭ ᠮᠥᠴᠡ ᠶᠢᠨ ᠮᠠᠯᠵᠢᠵᠤ ᠥᠯᠥ ᠪᠤᠯᠬᠤ ᠴᠢᠯᠡᠬᠦᠷ ᠲᠠᠢ ᠬᠥᠳᠡᠯᠬᠡᠬᠡᠨ ᠠᠴᠠ

ᠵᠠᠯᠬᠠᠵᠤ᠂ ᠨᠢᠬᠡᠨᠳᠡ ᠴᠢᠯᠠᠭᠤ ᠪᠤᠯᠤᠭᠰᠠᠨ ᠤ ᠪᠠᠨ ᠬᠤᠶᠢᠨ᠎ᠠ ᠵᠥᠭ ᠲᠤᠯᠤᠭᠠᠢ ᠥᠬᠡᠢ ᠠᠭᠠᠰᠢᠯᠠᠨ᠂ ᠴᠠᠭ ᠮᠥᠴᠠ

᠎ ᠶᠢ ᠡᠮᠬᠢ ᠵᠠᠮᠪᠠᠷᠠᠭ᠎ᠠ ᠥᠬᠡᠢ ᠪᠤᠯᠭᠠᠵᠤ᠂ ᠴᠠᠭ ᠮᠥᠴᠠ ᠳᠤ ᠲᠠᠭᠤᠯᠭᠠᠵᠤ᠂ ᠤᠷᠢᠶᠠᠯᠭᠠᠵᠤ ᠶᠠᠪᠤᠭᠰᠠᠨ ᠬᠠᠷᠢᠭᠤ ᠪᠠᠨ

ᠠᠪᠴᠠᠢ᠃

ᠬᠠᠶᠢᠷᠤᠪ ᠪᠠᠭᠠᠳᠤᠷ ᠤᠨ ᠢᠯᠠᠭᠳᠠᠰᠢ ᠥᠬᠡᠢ ᠴᠢᠯᠠᠭᠤᠨ ᠴᠡᠷᠢᠭ ᠤᠳ ᠤᠨ ᠲᠤᠳᠤᠷ᠎ᠠ ᠰᠤᠳᠤᠨ ᠰᠢᠯᠥᠭᠴᠢ ᠡᠳ᠋

ᠨᠤᠷᠠᠾ ᠶᠠᠵᠨ ᠬᠡᠮᠥᠨ ᠥᠪᠡᠷ ᠢᠶᠠᠨ ᠤᠷᠤᠯᠴᠠᠵᠤ᠂ ᠬᠠᠮᠤᠭ ᠡᠬᠡᠯ ᠨᠢᠬᠡᠨ ᠴᠡᠷᠢᠭ ᠤᠨ ᠲᠥᠷᠢ ᠳᠤ ᠲᠤᠭᠯᠠᠵᠤ

ᠶᠠᠪᠤᠵᠠᠢ᠃ ᠰᠤᠳᠤᠨ ᠰᠢᠯᠥᠭᠴᠢ ᠶᠢᠨ ᠢᠷᠠᠭᠤ ᠠᠯᠳᠠᠷ ᠴᠢᠯᠠᠭᠤ ᠪᠤᠯᠤᠭᠰᠠᠨ ᠲᠡᠭᠦᠨ ᠳᠤ ᠰᠢᠷᠥᠢ ᠶᠢᠨ ᠮᠥᠬᠦᠯᠢᠭ

᠎ ᠤᠨ ᠬᠢᠷᠢ ᠥᠨ᠎ᠡ ᠲᠠᠢ ᠪᠠᠶᠢᠭ᠎ᠠ ᠥᠬᠡᠢ᠃

225

ᠬᠠᠶᠢᠷᠤᠪ ᠪᠠᠭᠠᠳᠤᠷ ᠤᠨ ᠬᠥᠴᠥᠷᠭᠡᠭ ᠴᠢᠯᠠᠭᠤᠨ ᠴᠡᠷᠢᠭ ᠴᠢᠯᠠᠭᠤᠨ ᠲᠠᠷᠬᠠᠨ MANU᠎ ᠳᠤ ᠢᠯᠠᠭᠳᠠᠭᠰᠠᠨ ᠨᠢ

ᠠᠪᠤᠨ ᠥᠵᠡᠬᠦ ᠳᠤ ᠬᠥᠮᠥᠨ ᠬᠢᠷᠳ᠋ᠬᠢᠯᠭᠡᠮᠡᠷ ᠴᠤ ᠠᠯᠤᠰ ᠴᠠᠭᠠᠨ᠎ᠠ ᠪᠠᠨ ᠪᠤᠯ ᠬᠠᠷᠢᠨ ᠬᠡᠨᠡᠳᠳᠡ ᠶᠢᠨ ᠤᠴᠢᠷ ᠪᠢᠰᠢ

ᠠᠵᠢ᠃

ᠠᠯᠮᠠᠰ ᠴᠢᠯᠠᠭᠤ ᠶᠢᠨ ᠬᠠᠳᠠᠭᠤᠴᠠ ᠶᠢᠨ ᠬᠡᠮᠵᠢᠶ᠎ᠡ ᠶᠢ ᠠᠷᠪᠠᠨ ᠬᠤᠪᠢ ᠬᠡᠮᠡᠨ ᠵᠢᠱᠢᠵᠤ᠂ ᠴᠤᠬᠤᠢ ᠶᠢᠨ

ᠬᠠᠳᠠᠭᠤᠴᠠ ᠶᠢᠨ ᠬᠡᠮᠵᠢᠶ᠎ᠡ ᠶᠢ ᠨᠢᠬᠡ ᠬᠤᠪᠢ ᠬᠡᠵᠤ ᠵᠢᠱᠢᠪᠡᠯ᠂ MANU᠎ ᠶᠢᠨ ᠴᠢᠯᠠᠭᠤᠨ ᠵᠡᠪᠰᠡᠭ ᠬᠢᠬᠦ ᠳᠡᠭᠡᠨ

ᠬᠡᠷᠡᠭᠯᠡᠭᠰᠡᠨ ᠮᠠᠨᠤᠬᠤᠨ ᠴᠢᠯᠠᠭᠤ᠂ ᠬᠠᠰ᠂ ᠭᠤᠪᠢ ᠶᠢᠨ ᠴᠢᠯᠠᠭᠤ ᠵᠡᠷᠬᠡ ᠲᠥᠷᠥᠯ ᠤᠨ ᠴᠢᠯᠠᠭᠤᠨ ᠤ ᠬᠠᠳᠠᠭᠤᠴᠠ

᠎ ᠶᠢᠨ ᠬᠡᠮᠵᠢᠶ᠎ᠡ ᠨᠢ ᠲᠤᠯᠤᠭ᠎ᠠ ᠠᠴᠠ ᠶᠢᠰᠥᠨ ᠬᠤᠪᠢ ᠳᠤ ᠬᠥᠷᠴᠥ ᠪᠠᠶᠢᠪᠠ᠃ ᠬᠡᠪᠡᠴᠥ ᠬᠠᠶᠢᠷᠤᠪ ᠪᠠᠭᠠᠳᠤᠷ ᠤᠨ

ᠴᠡᠴᠡᠷᠯᠢᠭ ᠠᠴᠠ ᠡᠪᠯᠡᠬᠦᠯᠥᠭᠰᠡᠨ ᠴᠢᠯᠠᠭᠤᠨ ᠴᠡᠷᠢᠭ ᠤᠳ ᠤᠨ ᠬᠠᠳᠠᠭᠤᠴᠠ ᠶᠢᠨ ᠬᠡᠮᠵᠢᠶ᠎ᠡ ᠨᠢ ᠵᠥᠪᠬᠡᠨ ᠲᠥᠷᠪᠡ

᠎ ᠠᠴᠠ ᠲᠠᠪᠤᠨ ᠬᠤᠪᠢ ᠳᠤ ᠯᠨ ᠬᠥᠷᠴᠥ ᠪᠠᠶᠢᠵᠠᠢ᠃

ᠲᠡᠳᠡ ᠮᠢᠬ᠎ᠠ ᠴᠢᠰᠤ ᠪᠠᠷ ᠪᠥᠷᠢᠯᠳᠥᠭᠰᠡᠨ ᠬᠥᠮᠥᠨ ᠲᠥᠷᠥᠯᠬᠢᠳᠡᠨ ᠪᠤᠯᠤᠨ ᠨᠢᠶᠠᠨᠳᠠᠷᠽᠠᠨᠢᠯᠰ ᠨᠤᠭᠤᠳ ᠲᠠᠢ

ᠲᠠᠶᠢᠯᠠᠯᠳᠤᠬᠤ ᠳᠤ ᠬᠠᠷᠢᠴᠠᠯᠠᠰᠢᠬᠦᠢ ᠲᠠᠪᠠᠭᠤ ᠪᠠᠶᠢᠷᠢᠨ ᠳᠤ ᠪᠠᠶᠢᠭᠰᠠᠨ ᠪᠤᠯᠪᠠᠴᠤ ᠬᠠᠳᠠᠭᠤᠴᠠ ᠶᠢᠨ ᠬᠡᠮᠵᠢᠶ᠎ᠡ ᠨᠢ

ᠥᠨᠳᠥᠷ ᠴᠢᠯᠠᠭᠤᠳ ᠲᠠᠢ ᠲᠤᠯᠤᠯᠳᠤᠬᠤ ᠳᠤ ᠠᠰᠢᠬᠳᠤ ᠪᠠᠶᠢᠷᠢᠨ ᠳᠤ ᠪᠠᠶᠢᠵᠤ ᠴᠢᠳᠠᠭᠰᠠᠨ ᠥᠬᠡᠢ᠃

ᠲᠡᠳᠡᠨ ᠤ ᠲᠠᠶᠢᠯᠠᠯᠳᠤᠭᠠᠨ ᠨᠢ ᠬᠥᠵᠥᠷ ᠤᠨ ᠲᠤᠭᠯᠠᠭᠠᠮ ᠰᠢᠬ ᠯᠨ ᠪᠠᠶᠢᠪᠠ᠃ ᠬᠠᠶᠢᠷᠤᠪ ᠪᠠᠭᠠᠳᠤᠷ

ᠬᠡᠳᠦ᠋ᠢᠴᠢᠨᠡᠬᠡᠨ ᠠᠷᠭ᠎ᠠ ᠮᠡᠭᠡ᠂ ᠬᠥᠴᠥ ᠴᠢᠳᠠᠯ ᠵᠠᠷᠤᠴᠠᠭᠤᠯᠤᠭᠰᠠᠨ ᠴᠤ ᠨᠡᠮᠡᠷᠢ ᠪᠤᠯᠤᠭ᠎ᠠ ᠥᠬᠡᠢ᠂ ᠴᠢᠯᠠᠭᠤᠨ

ᠲᠠᠷᠬᠠᠨ MANU ᠴᠢᠯᠠᠭᠤᠨ ᠤ ᠬᠠᠳᠠᠭᠤᠴᠠ ᠶᠢᠨ ᠬᠡᠮᠵᠢᠶ᠎ᠠ ᠪᠠᠷ ᠪᠥᠬᠦᠳᠡ ᠶᠢ ᠢᠯᠠᠭᠴᠢ ᠨᠤᠶᠠᠨ ᠬᠥᠵᠥᠷ

ᠪᠤᠯᠭᠠᠵᠤ᠂ ᠬᠠᠶᠢᠷᠤᠪ ᠪᠠᠭᠠᠳᠤᠷ ᠤᠨ ᠰᠢᠷᠥᠢ ᠶᠢᠨ ᠲᠥᠮᠡᠨ ᠴᠢᠯᠠᠭᠤᠨ ᠴᠡᠷᠢᠭ ᠤᠳ ᠢ ᠬᠢᠯᠪᠠᠷᠬᠠᠨ ᠢᠯᠠᠵᠠᠢ᠃

226

ᠨᠢᠬᠡ ᠥᠶ᠎ᠡ ᠴᠢᠯᠠᠭᠤᠨ ᠲᠠᠷᠬᠠᠨ MANU ᠤᠪᠤᠭ ᠠᠶᠢᠮᠠᠭ ᠤᠨ ᠢᠶᠠᠨ᠂ ᠴᠢᠨᠠᠭᠰᠢᠯᠠᠭᠠᠳ ᠪᠥᠬᠦᠶ ᠯᠨ ᠬᠥᠮᠥᠨ

ᠲᠥᠷᠥᠯᠬᠢᠳᠡᠨ ᠤ ᠪᠠᠭᠠᠳᠤᠷ ᠪᠤᠯᠤᠨ ᠡᠷᠬᠦᠭᠳᠡᠵᠡᠢ᠃ ᠴᠢᠯᠠᠭᠤᠨ ᠴᠡᠷᠢᠭ ᠲᠠᠢ ᠲᠠᠶᠢᠯᠠᠯᠳᠤᠬᠤ ᠥᠢᠯᠨ ᠤᠴᠠᠷᠠᠯ ᠳᠤ

ᠲᠡᠭᠦᠨ ᠤ ᠭᠠᠷᠭᠠᠭᠰᠠᠨ ᠵᠢᠳᠬᠦᠯ ᠪᠤᠯ ᠨᠢᠳᠤ ᠬᠢᠯᠠᠰᠤᠮ᠎ᠠ ᠪᠥᠬᠡᠳ ᠵᠠᠩᠭᠢᠯᠠᠭ᠎ᠠ ᠶᠢᠨ ᠴᠢᠨᠠᠷ ᠲᠠᠢ ᠪᠠᠶᠢᠯ᠎ᠠ᠃

ᠬᠡᠪᠡᠴᠥ ᠲᠡᠷᠨ ᠬᠠᠶᠢᠷᠤᠪ ᠪᠠᠭᠠᠳᠤᠷ ᠤᠨ ᠴᠢᠯᠠᠭᠤᠨ ᠴᠡᠷᠢᠭ ᠢ ᠴᠤᠬᠢᠨ ᠢᠯᠠᠬᠤ ᠳᠠᠭᠠᠨ ᠬᠥᠮᠥᠨ

ᠲᠥᠷᠥᠯᠬᠢᠳᠡᠨ ᠢᠶᠠᠨ ᠡᠷᠬᠡᠰ ᠤᠷᠴᠢᠯᠠᠩ ᠠᠴᠠ ᠪᠥᠳᠥᠮᠵᠢᠳᠡᠢ ᠰᠠᠯᠭᠠᠵᠠᠢ᠃ ᠬᠥᠮᠥᠨ ᠲᠥᠷᠥᠯᠬᠢᠳᠡᠨ ᠬᠤᠶᠢᠰᠢᠳᠠ

ᠥᠶ᠎ᠡ ᠶᠢᠨ ᠥᠶ᠎ᠡ ᠪᠠᠷ ᠡᠷᠬᠡᠰ ᠤᠨ ᠲᠤᠮᠳᠠ ᠭᠠᠭᠴᠠᠭᠠᠷᠳᠠᠵᠤ ᠶᠠᠪᠤᠨ᠎ᠠ ᠬᠡᠳᠡᠭ ᠢ MANU ᠰᠡᠷᠬᠡᠭ ᠲᠠᠨᠢᠵᠠᠢ᠃

ᠬᠥᠮᠥᠨ ᠲᠥᠷᠥᠯᠭᠢᠳᠡᠨ᠂ ᠴᠢᠯᠠᠭᠤᠨ ᠴᠡᠷᠢᠭ ᠢ ᠴᠤᠬᠢᠨ ᠢᠯᠠᠭᠰᠠᠨ ᠬᠥᠬᠡᠷᠥᠯ ᠳᠡᠭᠡᠨ ᠠᠪᠳᠠᠵᠤ᠂ ᠥᠳᠡᠰᠢ ᠪᠥᠷᠥᠢ

ᠪᠤᠯᠳᠠᠯ᠎ᠠ ᠲᠥᠳᠡᠭ ᠲᠤᠭᠤᠷᠢᠨ ᠲᠡᠪᠭᠡᠴᠡᠵᠤ᠂ ᠤᠷᠢᠯᠠᠵᠤ ᠨᠠᠶᠢᠷᠯᠠᠵᠤ ᠪᠠᠶᠢᠬᠤ ᠳᠤ᠂ ᠭᠠᠭᠴᠠ MANU ᠤᠯᠠᠨ ᠤ

ᠲᠤᠮᠳᠠ ᠰᠡᠮ ᠰᠠᠭᠤᠵᠤ᠂ ᠡᠷᠬᠡᠰ ᠤᠨ ᠬᠥᠨ ᠢ ᠬᠤᠯᠠᠭᠠᠢ ᠨᠢᠳᠤ ᠪᠠᠷ ᠰᠢᠷᠳᠡᠨ᠂ ᠬᠠᠶ᠋ᠨ ᠬᠠᠶ᠋ᠨ ᠰᠡᠬᠦᠷᠡᠰᠥ ᠠᠯᠳᠠᠨ

ᠠᠪᠠᠢ᠃

ᠬᠥᠮᠥᠨ ᠲᠥᠷᠥᠯᠬᠢᠳᠡᠨ ᠢ ᠡᠷᠬᠡᠰ ᠠᠴᠠ ᠰᠠᠯᠭᠠᠭᠰᠠᠨ ᠶᠠᠯ᠎ᠠ ᠪᠠᠨ ᠲᠠᠶᠢᠯᠬᠤ ᠶᠢᠨ ᠲᠥᠯᠥᠬᠡ᠂ ᠲᠡᠷᠨ ᠴᠢᠯᠠᠭᠤᠨ

ᠵᠡᠪᠰᠡᠭ ᠬᠢᠬᠦ ᠮᠡᠷᠬᠡᠵᠢᠯ ᠳᠡᠭᠡᠨ ᠲᠤᠭᠢᠷᠠᠭᠤᠯᠤᠯᠳᠠ ᠭᠢᠵᠤ᠂ ᠪᠢᠯᠡᠬᠦᠳᠡᠬᠦ ᠮᠡᠷᠬᠡᠵᠢᠯ ᠢᠶᠠᠷ ᠥᠯᠡᠮᠵᠢᠬᠡᠨ ᠴᠢᠯᠠᠭᠤᠨ

ᠵᠡᠪᠰᠡᠭ ᠬᠢᠵᠡᠢ᠃ ᠬᠡᠪᠡᠴᠥ ᠭᠠᠭᠴᠠᠭᠠᠷᠳᠠᠯ ᠤᠨ ᠲᠤᠬᠠᠢ ᠠᠶᠤᠮᠰᠢᠬᠳᠤ ᠰᠡᠳᠬᠢᠯᠬᠡ ᠨᠢ ᠡᠬᠦᠨ ᠠᠴᠠ ᠪᠤᠯᠵᠤ

ᠲᠠᠶᠢᠪᠤᠰᠢᠷᠠᠭᠰᠠᠨ ᠥᠬᠡᠢ᠃

MANU᠎ ᠶᠢᠨ ᠤᠷᠠᠨ ᠭᠠᠷ ᠢᠶᠠᠷ ᠲᠠᠮᠵᠢᠵᠤ᠂ ᠴᠢᠯᠠᠭᠤᠨ ᠵᠡᠪᠰᠡᠭ ᠤᠯᠠᠮ ᠤᠯᠠᠮ ᠢᠶᠠᠷ ᠨᠠᠷᠢᠯᠢᠬᠵᠢᠨ᠂ ᠤᠯᠠᠮ

ᠤᠯᠠᠮ ᠢᠶᠠᠷ ᠤᠯᠠᠨ ᠲᠥᠷᠥᠯᠵᠢᠵᠤ᠂ ᠤᠷᠠᠨ ᠨᠠᠷᠢᠯᠢᠬ ᠪᠤᠯᠬᠤ ᠲᠤᠳᠤᠮ ᠢᠶᠠᠨ ᠵᠢᠷᠥᠬᠡ ᠡᠰᠬᠡᠮ᠎ᠡ ᠬᠤᠷᠴᠠ ᠢᠷ ᠨᠢ

ᠬᠥᠮᠥᠨ ᠲᠥᠷᠥᠯᠬᠢᠳᠡᠨ ᠪᠤᠯᠤᠨ ᠡᠷᠬᠡᠰ ᠤᠷᠴᠢᠯᠠᠩ ᠤᠨ ᠬᠠᠷᠢᠴᠠᠭ᠎ᠠ ᠶᠢ ᠤᠯᠠᠮ ᠬᠥᠨ ᠬᠡᠷᠴᠢᠨ ᠰᠠᠯᠭᠠᠭᠰᠠᠭᠠᠷ

ᠪᠠᠶᠢᠪᠠ᠃ ᠡᠬᠦᠨ ᠳᠡᠭᠡᠨ MANU ᠲᠦᠢᠯ ᠥᠬᠡᠢ ᠡᠮᠢᠶᠡᠨ ᠬᠠᠷᠠᠮᠰᠠᠵᠠᠢ᠃

227

ᠡᠨ᠋ᠨ ᠪᠤᠯ ᠴᠢᠯᠠᠭᠤᠨ ᠲᠠᠷᠬᠠᠨ MANU᠎ ᠶᠢᠨ ᠬᠡᠮᠰᠢᠯ ᠤᠨ ᠰᠡᠳᠬᠢᠯᠬᠡ ᠶᠢᠨ ᠨᠢᠬᠡ ᠢᠯᠡᠷᠡᠯ ᠪᠠᠶᠢᠪᠠ᠃ ᠲᠡᠷᠨ

ᠪᠠᠶᠢᠨ ᠪᠠᠶᠢᠨ ᠡᠷᠬᠡᠰ ᠤᠨ ᠬᠥᠨ ᠴᠡᠬᠡᠯ ᠲᠡᠶᠢᠰᠢ ᠰᠠᠨᠠᠭ᠎ᠠ ᠠᠯᠳᠠᠨ ᠬᠠᠷᠠᠨ᠎ᠠ᠃

— ᠵᠡᠪᠰᠡᠭ ᠴᠤ ᠬᠡᠰᠨᠨ᠂ ᠬᠥᠮᠥᠨ ᠤ ᠵᠠᠩ ᠴᠢᠨᠠᠷ ᠴᠤ ᠬᠡᠰᠡᠨ᠂ ᠠᠷᠵᠠᠭᠠᠷ ᠪᠠᠷᠵᠠᠭᠠᠷ ᠪᠠᠶᠢᠪᠠᠯ ᠲᠡᠭᠡᠷ᠎ᠡ᠂

ᠬᠠᠷᠢᠨ ᠬᠡᠳᠥᠷᠬᠡᠢ ᠲᠤᠭᠤᠷᠢᠭ ᠤᠷᠢᠶᠠᠯᠠᠭ ᠪᠤᠯᠪᠠᠯ ᠡᠴᠥᠰ ᠲᠡᠭᠡᠨ ᠡᠷᠭᠡᠰ ᠤᠨ ᠲᠤᠭᠤᠷᠢᠭ ᠲᠥᠷᠬᠦ ᠳᠤ ᠡᠵᠡᠯᠡᠭᠳᠡᠨ᠎ᠡ

ᠬᠡᠵᠤ MANU ᠠᠯᠢ ᠨᠢᠬᠡᠨ ᠴᠠᠭ ᠲᠤ ᠭᠡᠯᠡᠭᠰᠡᠨ ᠠᠵᠢ᠃ ᠬᠡᠪᠡᠴᠥ ᠰᠡᠬᠦᠯᠡᠷ ᠡᠨ᠋ᠨ ᠥᠬᠡᠨ ᠳᠡᠭᠡᠨ ᠲᠡᠷᠨ

ᠬᠠᠷᠠᠮᠰᠠᠬᠤ ᠪᠤᠯᠪᠠ᠃

MANU ᠵᠡᠬᠦᠳᠥᠨ ᠳᠡᠭᠡᠨ ᠡᠷᠬᠡᠰ ᠤᠷᠴᠢᠯᠠᠩ ᠤᠨ ᠥᠵᠥᠬᠦᠷ ᠬᠢᠵᠠᠭᠠᠷ ᠥᠬᠡᠢ ᠴᠢᠯᠠᠭᠤᠨ ᠲᠥᠷᠬᠦ ᠶᠢ

ᠲᠡᠮᠳᠡᠷᠢᠨ ᠲᠤᠭᠤᠯᠵᠤ ᠶᠠᠪᠤᠬᠤ ᠳᠠᠭᠠᠨ᠄

— ᠬᠥᠮᠥᠨ ᠲᠥᠷᠥᠯᠬᠢᠳᠡᠨ ᠬᠡᠵᠢᠶ᠎ᠡ ᠴᠤ ᠴᠢᠯᠠᠭᠤᠳ ᠢ ᠲᠡᠶᠢᠯᠬᠦ ᠥᠬᠡᠢ᠂ ᠤᠴᠢᠷ ᠨᠢ ᠪᠥᠬᠦᠶ ᠯᠨ ᠡᠷᠬᠡᠰ ᠪᠤᠯ

ᠴᠢᠯᠠᠭᠤᠨ ᠤ ᠬᠢ ᠶᠤᠮ ᠬᠡᠵᠤ ᠭᠠᠨᠭ᠍ᠰᠠᠷᠠᠨ ᠪᠤᠳᠤᠵᠠᠢ᠃

ᠲᠡᠭᠦᠨ ᠤ ᠰᠡᠬᠦᠯᠡᠷ MANU ᠲᠡᠮᠡᠢ ᠵᠥᠬᠡᠷ ᠰᠠᠭᠤᠬᠤ ᠳᠠᠭᠠᠨ ᠪᠡᠶ᠎ᠡ ᠶᠢᠨ ᠬᠢ ᠨᠢ ᠶᠠᠰᠤᠨ ᠳᠤ ᠬᠢ

ᠬᠠᠷᠴᠢᠬᠢᠨᠠᠬᠤ ᠴᠢᠯᠠᠭᠤᠨ ᠤ ᠲᠠᠭᠤ ᠶᠢ ᠤᠯᠵᠤ ᠰᠤᠨᠤᠰᠬᠤ ᠪᠤᠯᠵᠠᠢ᠃ ᠬᠡᠷᠪᠡ ᠪᠡᠶ᠎ᠡ ᠳᠤ ᠨᠢ ᠤᠰᠤᠨ ᠤ ᠤᠷᠤᠰᠬᠠᠯ

ᠪᠠᠶᠢᠭ᠎ᠠ ᠥᠬᠡᠢ ᠶᠤᠮ ᠪᠤᠯ ᠬᠥᠮᠥᠨ ᠲᠥᠷᠥᠯᠬᠢᠳᠡᠨ ᠬᠢᠬᠡᠳ ᠪᠤᠰᠤᠳ ᠠᠮᠢᠳᠤ ᠪᠤᠳᠠᠰ ᠬᠡᠵᠢᠶᠡᠨ ᠤ ᠴᠢᠯᠠᠭᠤᠨ ᠳᠤ

ᠠᠪᠳᠠᠬᠤ ᠪᠠᠶᠢᠵᠠᠢ ᠬᠡᠳᠡᠭ ᠢ MANU ᠤᠶᠢᠯᠠᠭᠠᠵᠠᠢ᠃

ᠲᠡᠯᠡᠬᠡᠢ ᠶᠢᠨ ᠪᠦᠮᠪᠦᠷᠴᠡᠭ ᠤᠨ ᠠᠮᠢ ᠨᠠᠰᠤᠨ ᠳᠤ ᠠᠶᠤᠯ ᠪᠤᠯᠤᠭᠴᠢ ᠨᠢ ᠥᠬᠦᠯ ᠪᠢᠰᠢ ᠬᠠᠷᠢᠨ ᠥᠵᠥᠬᠦᠷ

ᠬᠢᠵᠠᠭᠠᠷ ᠥᠬᠡᠢ ᠴᠢᠯᠠᠭᠤᠨ ᠤ ᠶᠢᠷᠳᠢᠨᠴᠥ ᠪᠠᠶᠢᠪᠠ᠃

MANU ᠨᠠᠷᠨ ᠬᠠᠷᠪᠤᠭᠰᠠᠨ ᠡᠷᠡᠬᠡᠢ ᠮᠡᠷᠬᠡᠨ ᠳᠤ ᠰᠥᠬᠦᠳᠥᠨ ᠮᠥᠷᠬᠦᠵᠤ᠂ ᠡᠨ᠋ᠨ ᠪᠥᠬᠦᠶ ᠯᠨ ᠡᠮᠢᠶᠡᠯ ᠢᠶᠠᠨ

ᠤᠬᠢᠯᠠᠨ ᠲᠤᠭᠠᠴᠢᠭᠰᠠᠨ ᠳᠤ᠂ ᠡᠷᠡᠬᠡᠢ ᠮᠡᠷᠬᠡᠨ ᠡᠷᠡᠬᠡᠢ ᠬᠤᠷᠤᠭᠤ ᠥᠬᠡᠢ ᠬᠤᠶᠠᠷ ᠤᠷᠳᠤ ᠮᠥᠴᠢ ᠪᠠᠷ ᠢᠶᠠᠨ ᠲᠡᠭᠦᠨ

᠎ ᠤ ᠥᠰᠥ ᠶᠢ ᠠᠷᠵᠠᠶᠢᠳᠠᠯ᠎ᠠ ᠢᠯᠪᠢᠬᠡᠳ᠄

— ᠴᠢᠨᠤ ᠬᠢᠭᠰᠡᠨ ᠴᠢᠯᠠᠭᠤᠨ ᠰᠤᠮᠤᠨ ᠤ ᠴᠢᠨᠢ ᠢᠷ ᠨᠢ ᠰᠠᠶᠢᠨ ᠶᠤᠮ ᠳ᠋ᠠ᠃ ᠡᠨ᠋ᠨ ᠪᠤᠯ ᠥᠵᠥᠬᠦᠷ ᠬᠢᠵᠠᠭᠠᠷ

ᠥᠬᠡᠢ ᠡᠷᠬᠡᠰ ᠠᠴᠠ ᠲᠠᠨ ᠤ ᠬᠥᠮᠥᠨ ᠲᠥᠷᠥᠯᠬᠢᠳᠡᠨ ᠳᠤ ᠤᠯᠭᠤᠭᠰᠠᠨ ᠪᠤᠶᠠᠨ ᠬᠡᠰᠢᠭ ᠬᠡᠳᠡᠭ ᠢ ᠢᠳᠡᠬᠡᠬᠡᠷᠡᠢ

ᠭᠡᠵᠡᠢ᠃

228

ᠡᠷᠳᠡ ᠲᠡᠬᠡᠳᠥ ᠠᠴᠠ ᠥᠯᠡᠳᠡᠵᠤ ᠢᠷᠡᠭᠰᠡᠨ ᠴᠢᠯᠠᠭᠤᠨ ᠰᠤᠳᠤᠷ ᠲᠡᠯᠡᠬᠡᠢ ᠶᠢᠨ ᠡᠯ᠎ᠡ ᠭᠠᠵᠠᠷ ᠲᠤ ᠪᠥᠷ ᠪᠠᠶᠢᠳᠠᠭ᠃

ᠰᠠᠶ᠋ᠢ ᠡᠬᠢᠯᠡᠬᠡᠳ ᠶᠠᠩᠭᠢᠷ᠂ ᠥᠬᠡᠷ᠂ ᠪᠤᠭᠤ ᠨᠠᠮᠨᠠᠭᠠᠴᠢ ᠶᠢᠨ ᠵᠢᠷᠤᠭ ᠲᠠᠢ ᠴᠢᠯᠠᠭᠤᠨ ᠰᠤᠳᠤᠷ ᠤᠳ ᠭᠠᠷᠴᠤ

ᠪᠠᠶᠢᠭᠰᠠᠨ ᠢᠶᠠᠨ ᠰᠡᠬᠦᠯᠡᠷ ᠪᠥᠷ ᠰᠤᠨᠢᠨ ᠮᠡᠳᠡᠭᠡ ᠶᠢ ᠬᠥᠷᠳᠡᠯ᠎ᠡ ᠴᠢᠯᠠᠭᠤᠨ ᠰᠤᠳᠤᠷ ᠢᠶᠠᠷ ᠨᠡᠶᠢᠳᠡᠯᠡᠬᠦ ᠪᠤᠯᠵᠠᠢ᠃

ᠬᠠᠰᠠᠷ ᠤᠨ ᠬᠥᠪᠡᠬᠦᠨ ᠶᠢᠰᠥᠩᠭᠡ ᠬᠤᠶᠠᠷ ᠵᠠᠭᠤᠨ ᠲᠠᠪᠢᠨ ᠠᠯᠳᠠ ᠬᠤᠯᠨ ᠤᠨᠳᠤᠳᠤᠭᠰᠠᠨ ᠤᠴᠢᠷ ᠪᠤᠯ ᠲᠤᠬᠠᠢ

᠎ ᠶᠢᠨ ᠥᠶ᠎ᠡ ᠶᠢᠨ ᠲᠡᠷᠢᠬᠦᠨ ᠨᠢᠭᠤᠷ ᠤᠨ ᠰᠤᠨᠢᠨ ᠮᠡᠳᠡᠭᠡ ᠮᠥᠨ᠃ ᠪᠢᠴᠢᠬᠡᠴᠢ ᠨᠠᠷ ᠡᠨ᠋ᠨ ᠤᠴᠢᠷ ᠢ ᠨᠠᠷᠢᠨ ᠬᠢᠨᠠᠮᠠᠭᠠᠢ

ᠰᠤᠷᠪᠤᠯᠵᠢᠯᠠᠨ ᠤᠶᠢᠯᠠᠭᠠᠭᠰᠠᠨ ᠤ ᠲᠠᠷᠠᠭ᠎ᠠ ᠴᠢᠯᠠᠭᠤᠨ ᠪᠢᠴᠢᠭ ᠲᠤ ᠤᠷᠤᠭᠤᠯᠵᠠᠢ᠃

ᠬᠡᠯᠡᠯᠬᠡᠨ ᠥᠬᠡᠢ ᠡᠳᠡᠬᠡᠷ ᠪᠤᠯ ᠴᠢᠯᠠᠭᠤᠨ ᠰᠤᠳᠤᠷ ᠤᠨ ᠨᠡᠯᠢᠶᠡᠳ ᠰᠡᠬᠦᠯᠡᠷᠬᠢ ᠤᠴᠢᠷ ᠶᠤᠮ᠃ ᠲᠡᠭᠦᠨ ᠠᠴᠠ

ᠡᠮᠥᠨ᠎ᠡ ᠪᠤᠯ ᠴᠢᠯᠠᠭᠤᠨ ᠰᠤᠳᠤᠷ ᠪᠢᠴᠢᠬᠦ ᠠᠵᠢᠯ ᠢ ᠴᠢᠯᠠᠭᠤᠳ ᠥᠪᠡᠷ ᠢᠶᠠᠨ ᠡᠬᠦᠷᠬᠡᠯᠡᠵᠤ ᠪᠠᠶᠢᠵᠠᠢ᠃ ᠲᠡᠳᠡ ᠶᠠᠭᠤ

ᠰᠠᠨᠠᠭᠰᠠᠨ ᠲᠤᠷ᠎ᠠ ᠪᠠᠷ ᠲᠤᠷᠬᠢᠨ᠎ᠠ᠃ ᠲᠡᠷᠨ ᠥᠶ᠎ᠡ ᠶᠢᠨ ᠴᠢᠯᠠᠭᠤᠨ ᠰᠤᠳᠤᠷ ᠲᠤ ᠶᠠᠮᠠᠷ ᠴᠤ ᠬᠢᠵᠠᠭᠠᠷᠯᠠᠯ ᠲᠥᠷᠢᠮ

ᠭᠤᠷᠢᠮ ᠭᠡᠰᠡᠨ ᠶᠠᠭᠤᠮ᠎ᠠ ᠠᠯᠠᠭ᠎ᠠ᠃ ᠨᠢᠬᠡ ᠥᠶ᠎ᠡ ᠴᠢᠯᠠᠭᠤᠨ ᠰᠤᠳᠤᠷ ᠲᠤ ᠤᠡᠭᠭᠢᠷᠠᠭᠰᠠᠨ ᠬᠥᠪᠰᠥᠭᠡᠷᠳᠡᠭᠰᠡᠨ

ᠤᠶᠢᠪᠤᠷᠭᠠᠨ ᠥᠬᠡᠰ ᠢᠶᠠᠷ ᠲᠥᠬᠦᠷᠴᠤ ᠪᠠᠶᠢᠪᠠ᠃ ᠴᠢᠯᠠᠭᠤᠨ ᠬᠥᠮᠥᠰ᠂ ᠨᠢᠶᠠᠨᠳᠠᠷᠽᠠᠨᠢᠯᠰ ᠨᠤᠭᠤᠳ ᠢ ᠤᠷᠤ ᠥᠬᠡᠢ

ᠬᠢᠳᠤᠭᠰᠨᠨ ᠲᠤᠬᠠᠢ ᠮᠡᠳᠡᠭᠡ ᠪᠤᠯ ᠴᠢᠯᠠᠭᠤᠨ ᠰᠤᠳᠤᠷ ᠤᠨ ᠪᠡᠶ᠎ᠡ ᠪᠠᠨ ᠡᠷᠬᠦᠵᠤ ᠤᠪᠤᠷᠳᠠᠭᠰᠠᠨ ᠵᠦᠢᠯ ᠮᠥᠨ᠃

229

ᠶᠠᠭᠤᠨ ᠳᠤ ᠡᠷᠬᠡᠰ ᠤᠷᠴᠢᠯᠠᠩ ᠲᠠᠢ ᠲᠡᠮᠡᠴᠡᠯᠳᠥᠬᠦ ᠪᠤᠢ︖ ᠬᠥᠮᠥᠨ ᠲᠥᠷᠥᠯᠬᠢᠳᠡᠨ ᠬᠡᠵᠤ ᠥᠨᠡᠬᠡᠷ ᠠᠳᠠ ᠲᠠᠢ

ᠠᠮᠢᠳᠠᠨ ᠶᠤᠮ᠃ ᠶᠠᠭᠤ ᠪᠥᠬᠦᠨ ᠲᠠᠢ ᠲᠡᠮᠡᠴᠡᠯᠳᠥᠬᠦ ᠶᠢ ᠪᠤᠳᠤᠨ᠎ᠠ᠃ ᠶᠠᠭᠤ ᠪᠥᠬᠦᠨ ᠢ ᠲᠡᠶᠢᠯᠬᠦ ᠶᠢ ᠪᠤᠳᠤᠨ᠎ᠠ᠃

ᠥᠨᠡᠨ ᠲᠡᠨᠡᠭ᠃ ᠥᠨᠡᠨ ᠲᠡᠨᠡᠭ ᠬᠥᠮᠥᠨ ᠤ ᠵᠤᠷᠢᠭ ᠰᠠᠨᠠᠭ᠎ᠠ ᠲᠠᠢ ᠶᠤᠮ᠃

ᠡᠷᠬᠡᠰ ᠤᠷᠴᠢᠯᠠᠩ ᠲᠠᠢ ᠲᠡᠮᠡᠴᠡᠯᠳᠥᠬᠡᠳ ᠶᠠᠮᠠᠷ ᠰᠠᠶᠢᠨ ᠢᠶᠠᠨ ᠥᠵᠡᠬᠦ ᠪᠤᠢ︖

ᠬᠥᠮᠥᠨ ᠲᠥᠷᠥᠯᠬᠢᠳᠡᠨ ᠡᠷᠬᠡᠰ ᠤᠷᠴᠢᠯᠠᠩ ᠢ ᠡᠵᠡᠯᠡᠬᠦ ᠰᠠᠨᠠᠭ᠎ᠠ ᠲᠠᠢ᠂ ᠬᠡᠪᠡᠴᠥ ᠡᠷᠬᠡᠰ ᠤᠷᠴᠢᠯᠠᠩ ᠪᠤᠯ ᠲᠡᠳᠡᠨ ᠤ

ᠪᠤᠳᠤᠭᠰᠠᠨ ᠠᠴᠠ ᠨᠡᠩ ᠢᠯᠡᠬᠦᠥ ᠪᠠᠷᠢᠴᠠ ᠥᠬᠡᠢ᠂ ᠨᠡᠩ ᠢᠯᠡᠬᠦᠥ ᠭᠠᠶᠢᠬᠠᠯᠳᠤ᠂ ᠨᠡᠩ ᠢᠯᠡᠬᠦᠥ ᠰᠡᠨᠡᠭ ᠲᠠᠢ

ᠬᠡᠳᠡᠭ ᠢ ᠲᠡᠳᠡ ᠮᠡᠳᠡᠬᠦ ᠥᠬᠡᠢ᠃

ᠲᠡᠳᠡ ᠵᠥᠪᠬᠡᠨ ᠰᠠᠬᠢᠭᠤᠯᠰᠤᠨ ᠲᠡᠳᠡᠨ ᠢ ᠵᠤᠬᠢᠶᠠᠭᠰᠠᠨ ᠬᠡᠳᠡᠭ ᠢ ᠯᠨ ᠢᠳᠡᠬᠡᠨ᠎ᠡ᠃ ᠲᠡᠳᠡ ᠵᠥᠪᠬᠡᠨ ᠵᠤᠮᠠᠯᠠᠭᠰᠠᠨ

ᠲᠠᠬᠢᠶᠠᠨ ᠤ ᠨᠢᠴᠥᠬᠦᠨ ᠪᠡᠶ᠎ᠡ ᠲᠠᠢ ᠬᠡᠳᠡᠭ ᠢᠶᠠᠨ ᠮᠡᠳᠡᠨ᠎ᠡ᠃ ᠲᠡᠳᠡ ᠥᠪᠡᠷ ᠤᠨ ᠢᠶᠠᠨ ᠬᠠᠮᠢᠭ᠎ᠠ ᠠᠴᠠ ᠢᠷᠡᠭᠰᠡᠨ

ᠬᠡᠳᠡᠭ ᠢᠶᠠᠨ ᠥᠨᠡᠨ ᠮᠡᠳᠡᠬᠦ ᠥᠬᠡᠢ᠃ ᠶᠠᠭᠤ ᠴᠤ ᠮᠡᠳᠡᠬᠦ ᠥᠬᠡᠢ ᠨᠢ ᠶᠠᠭᠠᠮᠠᠢ ᠳ᠋ᠠ᠂ ᠲᠡᠳᠡᠨ ᠤ ᠥᠪᠡᠷ ᠤᠨ ᠬᠢ

᠎ ᠨᠢ ᠪᠤᠷᠤᠭᠤ ᠪᠢᠰᠢ᠃ ᠬᠡᠪᠡᠴᠥ ᠶᠠᠭᠤ ᠴᠤ ᠮᠡᠳᠡᠬᠦ ᠥᠬᠡᠢ ᠠᠳᠠᠯ᠎ᠠ ᠶᠠᠭᠤ ᠶᠢ ᠴᠤ ᠮᠡᠳᠡᠵᠤ ᠪᠤᠯᠤᠨ᠎ᠠ ᠬᠡᠵᠤ

ᠪᠤᠳᠤᠳᠠᠭ ᠨᠢ ᠲᠡᠳᠡᠨ ᠤ ᠪᠤᠷᠤᠭᠤ᠃ ᠶᠠᠭᠤ ᠴᠤ ᠮᠡᠳᠡᠬᠦ ᠥᠬᠡᠢ ᠪᠠᠶᠢᠭᠠᠳ ᠤᠭᠤᠰᠤᠷ ᠥᠬᠡᠢ ᠤᠷᠴᠢᠯᠠᠩ ᠢ

ᠤᠷᠭᠠᠯᠠᠨ ᠡᠵᠡᠮᠰᠢᠵᠤ ᠪᠤᠯᠤᠨ᠎ᠠ ᠬᠡᠵᠤ ᠪᠤᠳᠤᠳᠠᠭ ᠨᠢ ᠲᠡᠳᠡᠨ ᠤ ᠪᠤᠷᠤᠭᠤ᠃

ᠤᠶᠢᠪᠤᠷᠭᠠᠨ ᠲᠡᠨᠡᠭ ᠭᠥᠮᠥᠨ ᠲᠥᠷᠥᠯᠬᠢᠳᠡᠨ ᠢ ᠪᠤᠳᠤᠬᠤ ᠠᠴᠠ ᠵᠠᠯᠬᠠᠭᠤ ᠬᠥᠷᠥᠨ᠎ᠡ᠃

ᠪᠢ ᠵᠠᠷᠢᠮ ᠳᠠᠭᠠᠨ ᠴᠢᠯᠠᠭᠤᠨ ᠰᠤᠨᠢᠨ ᠤᠡᠭᠰᠢᠨ᠎ᠠ᠃ ᠨᠢᠬᠡ ᠶᠠᠭᠤᠮ᠎ᠠ ᠪᠠᠨ ᠪᠤᠳᠤᠭᠠᠳ ᠲᠤᠭᠳᠠᠭᠠᠴᠢᠬᠠᠪᠠᠯ᠂

ᠥᠬᠡᠷ᠎ᠡ ᠪᠤᠰᠤᠳ ᠵᠦᠢᠯ ᠢ ᠬᠠᠯᠭᠠᠳᠠᠭ ᠥᠬᠡᠢ ᠬᠥᠮᠥᠨ ᠲᠥᠷᠥᠯᠬᠢᠳᠡᠨ ᠤ ᠰᠤᠬᠤᠷ ᠤᠶᠢᠯᠠᠭᠠᠯᠳᠠ ᠶᠢ

ᠰᠢᠨᠡᠴᠢᠯᠡᠴᠢᠬᠡᠮᠡᠷ ᠵᠦᠢᠯ ᠴᠢᠯᠠᠭᠤᠨ ᠰᠤᠨᠢᠨ ᠳᠤ ᠪᠠᠶᠢᠳᠠᠭ᠃

ᠤᠳᠤ ᠲᠡᠳᠡᠬᠡᠷ ᠠᠴᠠ ᠵᠠᠷᠢᠮ ᠵᠠᠷᠢᠮ ᠢ ᠨᠢ ᠲᠡᠭᠦᠨ ᠤᠡᠭᠰᠢᠰᠤᠭᠠᠢ᠃

1984 ᠤᠨ ᠤ ᠥᠶ᠎ᠡ ᠪᠠᠷ ᠯᠨ ᠶᠤᠮᠰᠠᠨ᠃ ᠯᠤᠨᠳᠤᠨ ᠬᠤᠳᠠ ᠠᠴᠠ ᠪᠧᠷᠮᠢᠩᠬᠠᠮ ᠬᠥᠷᠬᠦ ᠲᠡᠮᠥᠷ ᠵᠠᠮ ᠢ ᠵᠠᠰᠠᠵᠤ

ᠪᠠᠶᠢᠬᠤ ᠳᠠᠭᠠᠨ᠂ ᠺᠤᠸᠠᠨᠲ᠋ᠧᠷᠢ ᠶᠢᠨ ᠬᠡᠰᠡᠭ ᠤᠨ ᠠᠵᠢᠯᠴᠢᠳ ᠨᠢᠬᠡ ᠤᠯᠠᠭᠠᠨ ᠠᠷᠰᠧᠨ ᠴᠢᠯᠠᠭᠤ ᠶᠢ ᠲᠡᠷᠬᠡᠨ ᠳᠤ

ᠭᠠᠷᠭᠠᠬᠤ ᠪᠠᠷ ᠰᠢᠳᠡᠬᠡᠳ ᠬᠠᠭᠠᠯᠵᠤ ᠤᠷᠬᠢᠵᠠᠢ᠃ ᠤᠭ ᠨᠢ ᠪᠢᠳᠡᠬᠦᠥ ᠲᠤᠳᠤᠷ᠎ᠠ ᠪᠠᠨ ᠬᠥᠨᠳᠡᠢ ᠲᠠᠢ ᠪᠠᠶᠢᠭᠰᠠᠨ

ᠪᠤᠯᠤᠯᠳᠠᠢ᠂ ᠬᠡᠰᠡᠭᠳᠤ ᠴᠢᠯᠠᠭᠤ ᠠᠴᠠ ᠨᠢᠬᠡ ᠪᠠᠬ᠎ᠠ ᠮᠡᠯᠡᠬᠡᠢ ᠥᠰᠥᠷᠥᠨ ᠭᠠᠷᠴᠤ ᠢᠷᠡᠭᠰᠡᠨ ᠠᠵᠢ᠃

ᠲᠡᠷᠨ ᠪᠠᠬ᠎ᠠ ᠴᠢᠯᠠᠭᠤᠨ ᠤ ᠪᠢᠳᠡᠬᠦᠥ ᠬᠥᠨᠳᠡᠢ ᠠᠴᠠ ᠥᠰᠥᠷᠥᠨ ᠭᠠᠷᠴᠤ ᠢᠷᠡᠬᠦ ᠳᠡᠭᠡᠨ ᠰᠢᠷ᠎ᠠ ᠬᠥᠷᠡᠩ ᠥᠡᠭᠭᠡ

᠎ ᠲᠠᠢ ᠪᠠᠶᠢᠭᠰᠠᠨ ᠬᠡᠳᠥᠢ ᠴᠤ᠂ ᠭᠠᠳᠠᠨ᠎ᠠ ᠭᠠᠷᠴᠤ ᠢᠷᠡᠬᠡᠳ ᠠᠷᠪᠠᠭᠠᠳ ᠮᠢᠨᠥ᠋ᠲ ᠴᠤ ᠪᠤᠯᠤᠯ ᠥᠬᠡᠢ ᠪᠠᠷ ᠥᠪᠴᠢ

ᠪᠡᠶ᠎ᠡ ᠨᠢ ᠬᠠᠪ ᠬᠠᠷ᠎ᠠ ᠪᠤᠯᠴᠢᠬᠠᠭᠰᠠᠨ ᠢ ᠲᠡᠨᠳᠡ ᠪᠠᠶᠢᠭᠰᠠᠨ ᠪᠥᠬᠦᠳᠡ ᠬᠥᠮᠥᠰ ᠬᠠᠷᠠᠵᠠᠢ᠃ ᠡᠨ᠋ᠨ ᠪᠠᠬ᠎ᠠ ᠮᠡᠯᠡᠬᠡᠢ ᠶᠢ

ᠠᠷᠰᠧᠨ ᠴᠢᠯᠠᠭᠤᠯᠢᠭ ᠤᠨ ᠲᠤᠳᠤᠷ᠎ᠠ ᠨᠥᠬᠡᠯᠡᠵᠤ ᠤᠷᠤᠭᠰᠠᠨ ᠶᠤᠮ ᠪᠠᠶᠢᠬ᠎ᠠ ᠬᠡᠵᠤ ᠡᠬᠢᠯᠡᠬᠡᠳ ᠬᠥᠮᠥᠰ ᠪᠤᠳᠤᠵᠤ

ᠪᠠᠶᠢᠵᠠᠢ᠃ ᠬᠡᠪᠡᠴᠥ ᠴᠢᠯᠠᠭᠤ ᠶᠢ ᠰᠠᠶᠢᠳᠤᠷ ᠰᠢᠨᠵᠢᠵᠤ ᠥᠵᠡᠭᠰᠡᠨ ᠤ ᠳ᠋ᠥᠡᠭ ᠳᠤ ᠡᠨ᠋ᠨ ᠵᠥᠢᠴᠢᠯᠡᠯ ᠢ ᠥᠬᠡᠶᠢᠰᠬᠡᠪᠡ

᠃ ᠲᠡᠷᠨ ᠴᠢᠯᠠᠭᠤ ᠬᠠᠭᠠᠷᠠᠬᠤ ᠠᠴᠠ ᠪᠠᠨ ᠡᠮᠥᠨ᠎ᠡ ᠶᠠᠮᠠᠷ ᠴᠤ ᠥ ᠰᠡᠪ ᠪᠠᠶᠢᠭᠰᠠᠨ ᠥᠬᠡᠢ᠃ ᠴᠢᠯᠠᠭᠤ ᠬᠠᠭᠠᠷᠠᠬᠤ

ᠥᠶ᠎ᠡ ᠪᠠᠷ᠂ ᠪᠠᠬ᠎ᠠ ᠶᠢᠨ ᠲᠤᠯᠤᠭᠠᠢ ᠨᠢ ᠰᠢᠷᠬᠠᠯᠠᠵᠤ᠂ ᠲᠥᠬᠦᠯᠵᠡᠳᠡᠯ᠎ᠡ ᠠᠮᠢᠰᠬᠤᠭᠠᠳᠠᠭᠠᠳ ᠪᠠᠶᠢᠬᠤ ᠪᠠᠷ ᠨᠢ ᠬᠡᠮ

ᠬᠢᠭᠰᠡᠨ ᠠᠵᠢᠯᠴᠢᠳ ᠲᠡᠭᠦᠨ ᠢ ᠲᠠᠭᠢᠭᠠᠳ ᠤᠭ ᠤᠨ ᠬᠥᠨᠳᠡᠢ ᠳᠤ ᠨᠢ ᠡᠪᠳᠡᠶᠢᠬᠡᠨ ᠬᠢᠵᠤ ᠤᠷᠤᠭᠤᠯᠤᠭᠠᠳ᠂

ᠭᠠᠳᠠᠭᠤᠷ ᠨᠢ ᠰᠢᠪᠠᠷ ᠰᠢᠷᠤᠢ ᠪᠠᠷ ᠨᠢᠯᠠᠵᠤ ᠤᠷᠬᠢᠵᠠᠢ᠃ ᠬᠡᠪᠡᠴᠥ ᠲᠥᠷᠪᠡᠨ ᠡᠳᠥᠷ ᠤᠨ ᠬᠢ ᠨᠢ ᠲᠠᠷᠠᠭ᠎ᠠ

ᠰᠤᠨᠢᠭᠤᠴᠢ ᠬᠥᠮᠥᠰ ᠲᠡᠷᠨ ᠴᠢᠯᠠᠭᠤ ᠶᠢ ᠲᠠᠭᠢᠭᠠᠳ ᠨᠡᠬᠡᠬᠡᠳ ᠥᠵᠡᠬᠦ ᠳᠤ ᠥᠨᠥ ᠪᠠᠬ᠎ᠠ ᠥᠬᠦᠵᠤ ᠤᠳᠤᠭᠰᠠᠨ

ᠪᠠᠶᠢᠪᠠ᠃

1865 ᠤᠨ ᠳᠤ᠂ ᠠᠩᠭ᠍ᠯᠢ ᠶᠢᠨ ᠳ᠋ᠥ᠋ ᠠᠨ ᠵᠢᠶᠥ᠋ᠨ ᠳᠤ ᠤᠰᠤᠨ ᠠᠰᠢᠬᠯᠠᠯᠳᠠ ᠶᠢᠨ ᠰᠢᠰᠲ᠋ᠧᠮ ᠵᠤᠬᠢᠶᠠᠵᠤ

ᠪᠠᠶᠢᠭᠰᠠᠨ ᠠᠵᠢᠯᠴᠢᠳ᠂ ᠭᠠᠵᠠᠷ ᠠᠴᠠ ᠲᠤᠷᠤᠭᠰᠢᠬᠢ ᠬᠤᠷᠢᠨ ᠲᠠᠪᠤᠨ ᠮᠧᠲᠷ ᠤᠨ ᠬᠥᠨ ᠳᠤ ᠬᠢ ᠴᠤᠬᠤᠢ ᠶᠢᠨ

ᠴᠢᠯᠠᠭᠤᠯᠢᠭ ᠲᠠᠪᠬᠤᠷᠭ᠎ᠠ ᠠᠴᠠ ᠨᠢᠬᠡ ᠠᠮᠢᠳᠤ ᠪᠠᠬ᠎ᠠ ᠮᠠᠯᠳᠠᠨ ᠭᠠᠷᠭᠠᠵᠠᠢ᠃ ᠡᠨ᠋ᠨ ᠪᠠᠬ᠎ᠠ ᠶᠢ ᠰᠡᠬᠦᠯᠡᠷ ᠮᠥᠽᠸᠢ ᠳᠤ

ᠰᠢᠯᠵᠢᠬᠦᠯᠥᠭᠰᠡᠨ ᠶᠤᠮ ᠬᠡᠯᠴᠡᠳᠡᠭ᠃ ᠲᠤᠬᠠᠢ ᠶᠢᠨ ᠭᠠᠵᠠᠷ ᠤᠨ ᠭᠠᠵᠠᠷ ᠰᠢᠨᠵᠢᠯᠡᠬᠡᠨ ᠤ ᠮᠡᠷᠬᠡᠵᠢᠯᠳᠡᠨ ᠲᠠᠶᠢᠯᠧᠷ

ᠭᠡᠯᠥᠩ ᠤᠨ ᠮᠠᠭᠠᠳᠯᠠᠭᠰᠠᠨ ᠢᠶᠠᠷ᠂ ᠪᠠᠬ᠎ᠠ ᠮᠡᠯᠡᠬᠡᠢ ᠶᠢᠨ ᠬᠡᠪᠳᠡᠵᠤ ᠪᠠᠶᠢᠭᠰᠠᠨ ᠴᠤᠬᠤᠢ ᠶᠢᠨ ᠴᠢᠯᠠᠭᠤᠯᠢᠭ

ᠲᠠᠪᠬᠤᠷᠭ᠎ᠠ ᠨᠢ 6000 ᠵᠢᠯ ᠪᠤᠯᠵᠤ ᠪᠠᠶᠢᠭ᠎ᠠ ᠠᠵᠢ᠃

1901 ᠤᠨ ᠳᠤ᠂ ᠠᠩᠭ᠍ᠯᠢ ᠶᠢᠨ ᠷᠤᠸᠡᠭᠪᠸᠢ ᠬᠤᠳᠠ ᠶᠢᠨ ᠠᠷᠠᠳ ᠺᠧᠷᠠᠶᠢᠺᠧ ᠬᠡᠷ ᠲᠡᠭᠡᠨ ᠨᠡᠬᠦᠷᠡᠰᠥ ᠬᠠᠭᠠᠯᠵᠤ

ᠪᠠᠶᠢᠭᠠᠳ᠂ ᠨᠡᠬᠦᠷᠡᠰᠥᠨ ᠲᠤᠳᠤᠷ᠎ᠠ ᠠᠴᠠ ᠨᠢᠬᠡ ᠠᠮᠢᠳᠤ ᠪᠠᠬ᠎ᠠ ᠮᠡᠯᠡᠬᠡᠢ ᠭᠠᠷᠭᠠᠵᠠᠢ᠃ ᠡᠨ᠋ᠨ ᠪᠠᠬ᠎ᠠ ᠮᠡᠯᠡᠬᠡᠢ

ᠬᠤᠨᠭ᠍ᠰᠢᠶᠠᠷ ᠠᠮᠨ ᠴᠤ ᠥᠬᠡᠢ ᠪᠥᠬᠡᠳ ᠪᠥᠬᠦ ᠪᠡᠶ᠎ᠡ ᠨᠢ ᠰᠢᠯ ᠰᠢᠬ ᠬᠢᠯᠳᠥᠬᠡᠨᠡᠵᠤ ᠪᠠᠶᠢᠪᠠ᠃ ᠲᠡᠷᠨ ᠨᠡᠬᠦᠷᠡᠰᠥᠨ ᠤ

ᠲᠤᠮᠳᠠ ᠠᠴᠠ ᠭᠠᠷᠴᠤ ᠢᠷᠡᠬᠡᠳ᠂ ᠲᠠᠪᠤᠨ ᠭᠠᠷᠠᠭ ᠬᠢᠷᠢᠳᠡᠢ ᠠᠮᠢᠳᠤ ᠪᠠᠶᠢᠭᠠᠳ ᠪᠠᠶᠢᠵᠠᠢ᠃

ᠪᠠᠬ᠎ᠠ ᠮᠡᠯᠡᠬᠡᠢ ᠢᠴᠡᠬᠡᠯᠡᠬᠦ ᠳᠡᠭᠡᠨ ᠰᠢᠪᠠᠷ ᠰᠢᠷᠤᠢ ᠶᠢᠨ ᠲᠤᠮᠳᠠ ᠭᠤᠳᠤᠷᠤᠨ ᠤᠷᠤᠵᠤ᠂ ᠢᠳᠡᠬᠦ ᠥᠬᠡᠢ ᠤᠤᠭᠤᠬᠤ

ᠴᠤ ᠥᠬᠡᠢ ᠪᠠᠷ ᠬᠡᠳᠥᠨ ᠰᠠᠷ᠎ᠠ ᠠᠮᠢᠳᠤᠷᠠᠴᠢᠬᠠᠳᠠᠭ᠃ ᠬᠡᠪᠡᠴᠥ ᠡᠨ᠋ᠨ ᠨᠢ ᠬᠥᠮᠥᠰ ᠤᠨ ᠭᠠᠶᠢᠬᠠᠰᠢ ᠪᠤᠯᠳᠠᠭ ᠵᠦᠢᠯ

ᠴᠤ ᠪᠢᠰᠢ᠃ ᠬᠠᠷᠢᠨ ᠲᠡᠳᠡᠬᠡᠷ ᠤᠨ ᠢᠴᠡᠬᠡᠨ ᠤ ᠰᠢᠪᠠᠷ ᠰᠢᠷᠤᠢ ᠨᠢ ᠴᠠᠷᠳᠠᠰᠤᠨ ᠤ ᠪᠤᠶᠤ ᠶᠠᠮᠠᠷ ᠨᠢᠬᠡᠨ ᠬᠥᠴᠥᠨ

᠎ ᠤ ᠨᠥᠯᠥᠬᠡᠯᠡᠯ ᠢᠶᠠᠷ ᠬᠠᠳᠠᠭᠤᠷᠠᠨ ᠴᠢᠯᠠᠭᠤᠵᠢᠬᠤ ᠥᠶᠡᠰ ᠲᠤᠳᠤᠷ᠎ᠠ ᠨᠢ ᠭᠠᠷᠴᠤ ᠴᠢᠳᠠᠯ ᠥᠬᠡᠢ ᠬᠤᠷᠢᠭᠳᠠᠭᠰᠠᠨ

ᠬᠥᠢᠳᠡᠨ ᠵᠢᠷᠥᠬᠡᠳᠡᠨ ᠨᠦᠭᠦᠳ ᠶᠠᠭᠠᠭᠢᠵᠤ ᠡᠶᠢᠬᠡᠳ ᠮᠢᠩᠭ᠎ᠠ ᠲᠥᠮᠡᠨ ᠵᠢᠯ ᠢᠶᠠᠷ ᠠᠮᠢᠳᠤᠷᠠᠭᠠᠳ ᠪᠠᠶᠢᠭ᠎ᠠ ᠨᠢ ᠯᠨ

ᠬᠥᠮᠥᠰ ᠤᠨ ᠭᠠᠶᠢᠬᠠᠰᠢ ᠶᠢ ᠠᠯᠳᠠᠭᠤᠯᠵᠠᠢ᠃

ᠬᠥᠮᠥᠰ ᠭᠠᠶᠢᠬᠠᠮᠠᠷ ᠵᠦᠢᠯ ᠲᠠᠭᠠᠷᠠᠬᠤ ᠪᠥᠷᠢ ᠯᠨ ᠬᠢᠳᠡᠭ ᠲᠡᠷᠨ ᠵᠠᠩ ᠢᠶᠠᠷ ᠢᠶᠠᠨ ᠬᠤᠳᠠ ᠶᠢᠨ ᠨᠢᠬᠡ ᠥᠨᠴᠥᠭ

᠎ ᠲᠤ ᠪᠠᠶᠢᠭᠰᠠᠨ ᠤᠰᠤᠨ ᠲᠥᠷᠰᠥᠨ ᠤ ᠵᠢᠷᠤᠭ ᠤᠨ ᠠᠵᠢᠯ ᠤᠨ ᠭᠠᠵᠠᠷ ᠲᠤ ᠬᠥᠷᠴᠥ᠂ ᠮᠤᠳᠤᠨ ᠡᠪᠥᠬᠡᠨ ᠢ ᠡᠷᠢᠪᠡ᠃

ᠬᠡᠪᠡᠴᠥ ᠮᠤᠳᠤᠨ ᠡᠪᠥᠬᠡᠨ ᠨᠢᠬᠡᠨᠳᠡ ᠥᠬᠡ ᠲᠤᠤᠭᠠᠷᠬᠤ ᠪᠠᠨ ᠪᠤᠯᠢᠵᠠᠢ᠃ ᠲᠡᠷᠨ ᠠᠪᠤᠷᠭᠤ ᠲᠤᠮᠤ ᠪᠤᠳᠢ ᠮᠤᠳᠤ

ᠥᠨᠥ ᠬᠥᠬᠡᠷᠥᠬᠦ᠋ᠢᠯᠡᠯᠳᠡᠢ ᠬᠥᠮᠥᠨ ᠢ ᠪᠥᠷ ᠮᠠᠩ ᠮᠤᠭᠠᠢ ᠰᠢᠬ ᠵᠠᠯᠭᠢᠭᠠᠳ ᠤᠷᠤᠭᠤᠯᠴᠢᠬᠠᠭᠰᠠᠨ ᠪᠠᠶᠢᠵᠤ᠂ ᠮᠤᠳᠤᠨ

᠎ ᠤ ᠠᠯᠢ ᠨᠢᠬᠡ ᠶᠠᠷ᠎ᠠ ᠴᠥᠪᠥᠷᠢᠬᠦᠥ ᠠᠴᠠ ᠨᠢ ᠬᠢᠯᠭᠠᠰᠤᠨ ᠲᠡᠳᠥᠢ ᠥᠰᠥ ᠨᠢ ᠴᠤᠬᠤᠶᠢᠵᠤ ᠪᠠᠶᠢᠵᠠᠢ᠃

ᠠᠯᠢ ᠡᠷᠳᠡ ᠴᠠᠭ ᠲᠤ ᠬᠥᠳᠡᠯᠥᠰᠢ ᠥᠬᠡᠢ ᠴᠢᠩ ᠵᠤᠷᠢᠭᠳᠠᠨ ᠬᠥᠮᠥᠨ ᠢ ᠴᠤᠭᠤᠯᠤᠨ ᠤᠷᠭᠤᠭᠰᠠᠨ ᠲᠡᠷᠨ ᠪᠤᠳᠢ

ᠮᠤᠳᠤ ᠴᠢᠯᠠᠭᠤᠵᠢᠨ ᠬᠠᠳᠠᠭᠤᠷᠠᠵᠤ᠂ ᠬᠠᠰ ᠴᠢᠯᠠᠭᠤᠨ ᠤ ᠨᠡᠮᠡᠬᠦᠨ ᠰᠢᠷᠭᠠᠯ ᠥᠡᠭᠭᠡ ᠪᠠᠷ ᠬᠡᠷᠡᠯᠳᠥᠨ᠂ ᠥᠪᠴᠢ

ᠵᠠᠯᠬᠢᠭᠳᠠᠭᠰᠠᠨ ᠥᠨᠥ ᠬᠥᠬᠡᠷᠥᠬᠦ᠋ᠢᠯᠡᠯᠳᠡᠢ ᠬᠥᠮᠥᠨ᠂ ᠲᠡᠬᠦᠨ ᠤ ᠲᠤᠳᠤᠷ᠎ᠠ ᠬᠤᠪᠠᠨ ᠤ ᠬᠤᠷᠤᠬᠠᠢ ᠰᠢᠪᠡᠵᠢ ᠰᠢᠬ

ᠲᠠᠶᠢᠪᠤᠡᠭ ᠢᠨᠢᠶᠡᠮᠰᠥᠭᠯᠡᠨ᠎ᠡ᠃

ᠲᠡᠷᠨ ᠬᠥᠬᠡᠷᠥᠬᠦ᠋ᠢᠯᠡᠯᠳᠡᠢ ᠬᠥᠮᠥᠨ᠂ ᠤᠴᠢᠷ ᠲᠤ ᠲᠤᠷᠠᠳᠠᠢ ᠬᠥᠮᠥᠰ ᠤᠨ ᠥᠬᠡ ᠶᠢ ᠬᠠᠷᠢᠭᠤᠯᠬᠤ ᠥᠬᠡᠢ

ᠪᠠᠶᠢᠭᠰᠠᠨ ᠬᠡᠳᠥᠢ ᠴᠤ ᠮᠤᠳᠤᠨ ᠤ ᠬᠠᠵᠠᠭᠤ ᠶᠢᠨ ᠰᠠᠨᠳᠠᠯᠢ ᠲᠡᠭᠡᠷ᠎ᠡ ᠰᠠᠭᠤᠵᠤ ᠪᠠᠶᠢᠭᠰᠠᠨ ᠪᠠᠰᠨ ᠨᠢᠬᠡ ᠬᠢᠳᠡᠯ

ᠥᠬᠡᠢ ᠬᠥᠮᠥᠨ ᠲᠡᠳᠡᠨ ᠤ ᠠᠰᠠᠭᠤᠯᠳᠠ ᠶᠢ ᠲᠤᠳᠤᠷᠬᠠᠢ ᠰᠠᠶᠢᠬᠠᠨ ᠬᠠᠷᠢᠭᠤᠯᠬᠤ ᠪᠠᠷ ᠰᠢᠢᠳᠥᠭᠰᠡᠨ ᠪᠠᠶᠢᠯ᠎ᠠ᠃

ᠲᠡᠷᠨ ᠪᠤᠯ ᠡᠷᠡᠬᠡᠢ ᠮᠡᠷᠬᠡᠨ ᠪᠠᠶᠢᠪᠠ᠃

ᠡᠷᠡᠬᠡᠢ ᠮᠡᠷᠬᠡᠨ᠂ ᠴᠠᠪ ᠴᠠᠭᠠᠨ ᠬᠠᠨᠳᠠᠭᠠᠵᠨ ᠶᠢᠨ ᠲᠡᠭᠡᠷ᠎ᠡ ᠥᠪᠴᠢ ᠬᠠᠷ᠎ᠠ ᠶᠤᠰᠤᠯᠠᠯ ᠤᠨ ᠺᠤᠰᠲ᠋ᠢᠶᠤᠮ

ᠡᠮᠥᠰᠥᠬᠡᠳ᠂ ᠤᠯᠠᠭᠠᠨ ᠭᠠᠯᠰᠤᠲ᠋ᠤᠺ ᠵᠡᠬᠦᠭᠰᠡᠨ ᠨᠢ ᠨᠠᠶᠢᠷᠠᠯ ᠬᠥᠭᠵᠢᠮ ᠤᠨ ᠤᠳᠤᠷᠢᠳᠤᠭᠠᠴᠢ ᠬᠡᠮᠡᠷ ᠢᠨᠢᠶᠡᠳᠥ

ᠲᠥᠷᠥᠬᠦᠯᠥᠨ᠎ᠡ᠃ ᠡᠷᠡᠬᠡᠢ ᠬᠤᠷᠤᠭᠤ ᠥᠬᠡᠢ ᠬᠤᠶᠠᠷ ᠭᠠᠷ ᠲᠠᠭᠠᠨ ᠴᠠᠪ ᠴᠠᠭᠠᠨ ᠪᠡᠭᠡᠯᠡᠢ ᠵᠡᠬᠦᠬᠡᠳ᠂ ᠲᠠᠶ᠋ᠢᠭ

ᠲᠤᠯᠤᠭᠰᠠᠨ ᠡᠷᠡᠬᠡᠢ ᠮᠡᠷᠬᠡᠨ᠂ ᠡᠮᠬᠦᠭᠰᠡᠨ ᠲᠠᠮᠠᠬᠢᠨ ᠲᠤᠭᠤᠭ᠎ᠠ ᠠᠴᠠ ᠪᠠᠨ ᠬᠠᠶᠢᠬᠤᠷᠤᠮᠵᠢ ᠥᠬᠡᠶᠢᠬᠡᠨ ᠤᠳᠤᠭ᠎ᠠ

ᠰᠠᠪᠰᠠᠭᠤᠯᠤᠭᠰᠠᠭᠠᠷ᠄

— ᠴᠠᠪᠠᠰᠤ ᠳ᠋ᠠ᠂ ᠠᠷᠪᠠᠨ ᠨᠠᠷᠠᠨ ᠤ ᠥᠶ᠎ᠡ ᠳᠤ ᠯᠨ ᠭᠠᠵᠠᠷ ᠨᠥᠬᠡᠯᠡᠨ ᠤᠷᠤᠭᠰᠠᠨ ᠰᠠᠬᠢᠭᠤᠯᠰᠤᠳ ᠤᠨ ᠨᠢᠬᠡ

ᠪᠠᠶᠢᠵᠠᠭᠠᠬᠤ ᠨᠢ ᠡ᠃ ᠪᠢᠳᠠ ᠭᠠᠵᠠᠷ ᠲᠡᠭᠡᠷ᠎ᠡ ᠠᠷᠪᠠᠨ ᠨᠠᠷᠠᠨ ᠤ ᠭᠠᠯ ᠤᠰᠤᠨ ᠵᠤᠪᠠᠯᠠᠩ ᠢ ᠲᠤᠭᠤᠯᠵᠤ ᠪᠠᠶᠢᠬᠤ

᠎ ᠳᠤ᠂ ᠡᠳᠡ ᠨᠡᠷ ᠮᠠᠭᠤ ᠰᠠᠶᠢᠨ ᠵᠤᠷᠢᠭ ᠥᠬᠡᠢ ᠠᠮᠢᠳᠠᠳ ᠴᠢᠨᠢ ᠭᠠᠵᠠᠷ ᠨᠥᠬᠡᠯᠡᠵᠤ ᠤᠷᠤᠴᠢᠬᠠᠭᠠᠳ᠂ ᠲᠡᠨᠳᠡ ᠪᠠᠨ

ᠮᠠᠩᠰᠢᠭᠤᠷᠠᠵᠤ ᠤᠨᠳᠠᠭᠰᠠᠭᠠᠷ ᠭᠠᠷᠴᠤ ᠢᠷᠡᠬᠦ ᠪᠠᠨ ᠮᠠᠷᠳᠠᠴᠢᠬᠠᠭᠰᠠᠨ ᠯᠨ ᠪᠤᠯᠤᠯᠳᠠᠢ ᠬᠡᠵᠡᠢ᠃

ᠡᠷᠡᠬᠡᠢ ᠮᠡᠷᠬᠡᠨ ᠤ ᠥᠬᠡ ᠶᠢ ᠪᠤᠯ ᠬᠥᠮᠥᠰ ᠥᠨᠥ ᠮᠤᠳᠤᠨ ᠡᠪᠥᠬᠡᠨ ᠤ ᠥᠬᠡ ᠶᠢᠨ ᠬᠢᠷᠢ ᠢᠳᠡᠬᠡᠳᠡᠭ ᠥᠬᠡᠢ

ᠪᠠᠶᠢᠪᠠ᠃ ᠮᠤᠳᠤᠨ ᠡᠪᠥᠬᠡᠨ ᠲᠡᠳᠡᠨ ᠳᠤ ᠡᠳᠥᠬᠡ ᠪᠤᠯᠳᠠᠯ᠎ᠠ ᠶᠠᠭᠤ ᠴᠤ ᠬᠡᠯᠡᠵᠤ ᠥᠡᠭᠭᠡᠷᠡᠭᠡ ᠥᠬᠡᠢ ᠪᠤᠯᠪᠠᠴᠤ᠂

ᠮᠤᠳᠤᠨ ᠡᠪᠥᠬᠡᠨ ᠤ ᠥᠬᠡ ᠯᠨ ᠥᠨᠡᠨ ᠥᠬᠡ ᠶᠤᠮ ᠬᠡᠳᠡᠭ ᠢ ᠲᠡᠳᠡ ᠪᠠᠳᠤ ᠨᠤᠳᠠ ᠲᠠᠢ ᠢᠳᠡᠬᠡᠳᠡᠭ ᠠᠵᠢ᠃

ᠤᠴᠢᠷ ᠲᠤ ᠲᠤᠷ᠎ᠠ ᠲᠠᠢ ᠬᠥᠮᠥᠰ ᠤᠷᠮ᠎ᠠ ᠥᠬᠡᠶᠢᠬᠡᠨ ᠲᠡᠨᠳᠡ ᠠᠴᠠ ᠭᠠᠷᠴᠤ ᠪᠠᠶᠢᠬᠤ ᠳᠤ᠂ ᠡᠷᠡᠬᠡᠢ ᠮᠡᠷᠬᠡᠨ

ᠰᠠᠨᠠᠭ᠎ᠠ ᠠᠯᠳᠠᠭᠠᠳ :

— ᠠᠢ ᠴᠠᠪᠠᠰᠤ᠂ ᠶᠢᠷᠳᠢᠨᠴᠥ ᠶᠢᠨ ᠠᠮᠢᠳᠤ ᠪᠤᠳᠠᠰ ᠴᠤ ᠪᠥᠷ ᠡᠳᠡᠬᠡᠷ ᠪᠠᠬ᠎ᠠ ᠮᠡᠯᠡᠬᠡᠢ ᠰᠢᠭ ᠢᠶᠠᠷ ᠥᠵᠥᠬᠦᠷ

ᠬᠢᠵᠠᠭᠠᠷ ᠥᠬᠡᠢ ᠴᠢᠯᠠᠭᠤᠨ ᠡᠷᠬᠡᠰ ᠲᠤ ᠬᠤᠷᠢᠭᠳᠠᠵᠤ᠂ ᠠᠳᠡ ᠪᠠᠨ ᠲᠡᠨᠴᠢᠬᠦᠷᠡᠨ ᠰᠠᠭᠤᠭᠰᠠᠭᠠᠷ ᠪᠠᠶᠢᠬᠤ ᠪᠢᠰᠢ

ᠶᠤᠮ ᠤᠤ ᠬᠡᠵᠡᠢ᠃

230

ᠴᠢᠯᠠᠭᠤᠨ ᠰᠤᠨᠢᠨ ᠨᠤᠭᠤᠳ᠄

ᠬᠡᠢ ᠪᠥᠮᠪᠦᠭᠡ ᠥᠯᠢᠶᠡᠬᠦ‍ ᠰᠢᠭ ᠢᠶᠠᠷ ᠡᠷᠬᠡᠰ ᠤᠷᠴᠢᠯᠠᠩ ᠮᠠᠰᠢ ᠬᠤᠷᠳᠤᠨ ᠰᠤᠨᠤᠨ ᠲᠡᠯᠡᠵᠤ ᠪᠠᠶᠢᠭ᠎ᠠ ᠭᠡᠵᠢ ᠤᠤ︖

ᠰᠡᠬᠦᠯ ᠤᠨ ᠬᠥᠮᠥᠰ ᠲᠤ ︽ᠶᠡᠭᠡ ᠲᠡᠯᠪᠡᠷᠡᠯᠳᠡ ᠶᠢᠨ ᠤᠨᠤᠯ︾ ᠬᠡᠭᠳᠡᠭᠡᠳ ᠪᠠᠶᠢᠭ᠎ᠠ ᠤᠨᠤᠯ ᠢ ᠡᠬᠢᠯᠡᠬᠡᠳ ᠪᠥᠷᠥᠭ

ᠲᠥᠷᠥᠭ ᠤᠬᠠᠵᠤ ᠪᠠᠶᠢᠭᠰᠠᠨ ᠬᠥᠮᠥᠰ ᠤᠨ ᠲᠤᠳᠤᠷ᠎ᠠ ᠠᠶᠢᠨ᠋ᠧᠰᠲ᠋ᠧᠨ ᠵᠢᠭᠰᠠᠭᠠᠭᠳᠠᠵᠤ ᠪᠠᠶᠢᠳᠠᠭ᠃ ᠠᠳᠡ

ᠠᠶᠢᠨᠰᠲ᠋ᠧᠨ ᠤ ᠨᠢᠬᠡ ᠵᠢᠷᠤᠭ ᠪᠤᠢ᠂ ᠲᠡᠷᠨ ᠰᠠᠮᠪᠠᠷ᠎ᠠ ᠲᠡᠭᠡᠷ᠎ᠡ RIK =O2 ᠬᠡᠬᠦ ᠵᠦᠢᠯᠠᠰ ᠢ ᠪᠢᠴᠢᠵᠡᠢ᠃

ᠡᠷᠬᠡᠰ ᠤᠷᠴᠢᠯᠠᠩ ᠲᠠᠯᠳᠠ ᠨᠢᠭᠤᠴᠠᠭᠠᠢ ᠡᠨᠧᠷᠬᠢ ᠳᠤ ᠡᠵᠡᠮᠰᠢᠭᠳᠡᠭᠡᠳ ᠪᠠᠶᠢᠭ᠎ᠠ ᠬᠡᠵᠢ ᠤᠤ︖

ᠡᠶᠢᠳ᠋ᠸᠢᠨ ᠫᠠᠥᠸᠧᠯ ᠬᠠᠪᠪᠥ᠋ᠯ ᠲᠡᠭᠦᠨ ᠤ ᠥᠨᠥᠬᠢ ᠨᠡᠷ᠎ᠡ ᠠᠯᠳᠠᠷ ᠲᠠᠢ ︽ᠬᠠᠪᠪᠥ᠋ᠯ︾ ᠲᠤᠷᠠᠨ ᠢᠶᠠᠨ ᠡᠬᠦᠳᠥᠭᠰᠡᠨ

᠎ ᠤ ᠲᠠᠷᠠᠭ᠎ᠠ᠂ ᠲᠡᠭᠦᠨ ᠢᠶᠠᠷ ᠢᠶᠠᠨ ᠡᠷᠬᠡᠰ ᠢ ᠤᠨᠢᠯᠠᠵᠤ᠂ ᠡᠷᠬᠡᠰ ᠤᠷᠴᠢᠯᠠᠩ ᠲᠠᠰᠤᠷᠠᠯᠳᠠ ᠥᠬᠡᠢ ᠲᠡᠯᠡᠨ ᠥᠷᠬᠡᠵᠢᠵᠤ

ᠪᠠᠶᠢᠭ᠎ᠠ ᠲᠤᠬᠠᠢ ᠢᠯᠡᠷᠡᠬᠦᠯᠵᠡᠢ᠃ ᠡᠶᠢᠮᠥᠷᠬᠦᠥ ᠬᠥᠮᠥᠨ ᠢ ᠰᠤᠴᠢᠭᠠᠮ᠎ᠠ ᠥᠵᠡᠭᠳᠡᠯ ᠢ ᠢᠯᠡᠷᠡᠬᠦᠯᠥᠭᠰᠡᠨ ᠡᠶᠢᠳ᠋ᠸᠢᠨ

ᠫᠠᠥᠸᠧᠯ ᠬᠠᠪᠪᠥ᠋ᠯ ᠭᠤᠸᠠᠯᠢᠭ ᠴᠢᠷᠠᠢ ᠲᠠᠢ᠂ ᠥᠨᠳᠥᠷ ᠨᠢᠷᠤᠭᠤ ᠲᠠᠢ ᠬᠥᠮᠥᠨ ᠪᠠᠶᠢᠭᠰᠠᠨ ᠪᠥᠬᠡᠳ ᠲᠠᠮᠠᠬᠢᠨ

ᠲᠤᠭᠤᠭ᠎ᠠ ᠵᠠᠭᠤᠵᠤ ᠬᠠᠵᠠᠭᠤᠯᠳᠠᠨ ᠰᠠᠭᠤᠭᠠᠳ ᠨᠠᠭᠠᠰᠢ ᠬᠠᠷᠠᠭᠰᠠᠨ ᠬᠥᠷᠥᠮᠯᠡᠨ ᠵᠢᠷᠤᠭ ᠢ ᠨᠢ ᠴᠢᠯᠠᠭᠤᠨ ᠰᠤᠨᠢᠨ ᠤ

ᠲᠡᠷᠢᠬᠦᠨ ᠨᠢᠭᠤᠷ ᠲᠤ ᠲᠠᠯᠪᠢᠵᠠᠢ᠃ ᠬᠠᠷᠢᠨ ᠠᠶᠢᠨᠰᠲ᠋ᠧᠨ ᠦᠪᠡᠷ ᠤᠨ ᠢᠶᠠᠨ ᠢᠯᠡᠷᠡᠬᠦᠯᠥᠭᠰᠡᠨ ᠡᠷᠬᠡᠰ ᠤᠨ ᠲᠤᠭ᠎ᠠ

ᠬᠡᠮᠵᠢᠭᠳᠡᠯ ᠢ ᠬᠡᠷᠡᠭᠯᠡᠬᠦ ᠪᠠᠨ ᠲᠡᠪᠴᠢᠭᠰᠡᠨ ᠳᠡᠭᠡᠨ ᠰᠥᠰᠥ ᠪᠠᠨ ᠭᠤᠷᠦ᠋ᠢᠳᠠᠯ᠎ᠠ ᠬᠠᠷᠠᠮᠰᠠᠵᠠᠢ᠃

331

ᠬᠠᠶᠢᠷᠤᠪ ᠪᠠᠭᠠᠳᠤᠷ ᠤᠨ ᠴᠢᠯᠠᠭᠤᠨ ᠴᠡᠷᠢᠭ ᠤᠨ ᠥᠢᠮᠡᠬᠡᠨ ᠤ ᠥᠶ᠎ᠡ ᠪᠠᠷ᠂ ᠴᠠᠭ ᠤᠨ ᠥᠷᠳᠡᠬᠡᠨ ᠲᠡᠭᠡᠷ᠎ᠡ ᠬᠠᠮᠤᠭ

ᠠᠩᠬ᠎ᠠ ᠴᠠᠭᠠᠵᠠᠯᠠᠭᠳᠠᠭᠰᠠᠨ ᠬᠥᠮᠥᠨ ᠪᠤᠯ ᠭᠧᠶ᠋ᠢᠨ ᠪᠠᠶᠢᠪᠠ᠃ ᠲᠡᠷᠨ ᠪᠤᠯ ︽ᠰᠥᠷᠥᠭ ᠤᠨ ᠲᠤᠳᠤᠷᠠᠬᠢ ᠬᠠᠮᠤᠭ

ᠠᠩᠬᠠᠨ ᠤ ᠲᠥᠯ ᠢᠶᠠᠨ ᠲᠡᠭᠡᠳᠥ ᠲᠡᠭᠷᠢ ᠳᠤ ᠡᠷᠬᠦᠭᠰᠡᠨ︾ ᠠᠪᠧᠯ ᠤᠨ ᠠᠬ᠎ᠠ ᠨᠢ ᠶᠤᠮ᠃

ᠠᠪᠧᠯ ᠮᠠᠯ ᠮᠠᠯᠵᠢᠵᠤ᠂ ᠭᠧᠶ᠋ᠢᠨ ᠲᠠᠷᠢᠶ᠎ᠠ ᠲᠠᠷᠢᠵᠤ ᠪᠠᠶᠢᠪᠠ᠃ ᠠᠬ᠎ᠠ ᠲᠡᠬᠦᠥ ᠬᠤᠶᠠᠭᠤᠯᠨ ᠲᠡᠭᠡᠳᠥ ᠲᠡᠭᠷᠢ ᠳᠤ

ᠬᠤᠪᠢ ᠬᠤᠪᠢᠨ ᠤ ᠪᠠᠨ ᠡᠷᠬᠦᠴᠠ ᠪᠠᠨ ᠡᠷᠬᠦᠭᠰᠡᠨ ᠳᠤ ᠲᠡᠭᠡᠳᠥ ᠲᠡᠭᠷᠢ ᠠᠪᠧᠯ ᠤᠨ ᠪᠡᠯᠡᠭ ᠢ ᠲᠠᠭᠠᠯᠠᠵᠠᠢ᠃ ᠭᠧᠶ᠋ᠢᠨ

᠎ ᠤ ᠡᠷᠬᠦᠭᠰᠡᠨ ᠪᠡᠯᠡᠭ ᠨᠢ ᠭᠠᠵᠠᠷ ᠲᠡᠭᠡᠷ᠎ᠡ ᠲᠠᠷᠢᠭᠰᠠᠨ ᠨᠠᠪᠴᠢ ᠨᠤᠭᠤᠭᠠᠨ ᠤ ᠵᠦᠢᠯ ᠪᠠᠶᠢᠭᠰᠠᠨ᠃ ᠬᠡᠪᠡᠴᠥ ᠲᠡᠭᠦᠨ ᠢ

᠎ ᠨᠢ ᠲᠡᠭᠡᠳᠥ ᠲᠡᠭᠷᠢ ᠡᠰᠡ ᠲᠠᠭᠠᠯᠠᠭᠰᠠᠨ ᠪᠢᠯᠨ᠃

ᠭᠧᠶ᠋ᠢᠨ ᠲᠡᠭᠡᠳᠥ ᠲᠡᠭᠷᠢ ᠶᠢᠨ ᠠᠪᠧᠯ ᠳᠤ ᠬᠥᠷᠳᠡᠬᠡᠭᠰᠡᠨ ᠡᠨᠡᠷᠢᠯ ᠳᠤ ᠠᠳᠠᠭᠠᠷᠬᠠᠵᠤ᠂ ᠲᠡᠭᠦᠥ ᠪᠠᠨ ᠲᠠᠷᠢᠶᠠᠨ

ᠲᠤᠳᠤᠷ᠎ᠠ ᠬᠠᠭᠤᠷᠴᠤ ᠠᠪᠠᠴᠢᠭᠠᠳ᠂ ᠴᠢᠯᠠᠭᠤ ᠪᠠᠷ ᠴᠤᠬᠢᠵᠤ ᠠᠯᠠᠵᠠᠢ᠃ ᠡᠬᠦᠨ ᠢ ᠬᠥᠮᠥᠨ ᠲᠥᠷᠥᠯᠬᠢᠳᠡᠨ ᠤ

ᠬᠠᠮᠤᠭ ᠤᠨ ᠠᠩᠬᠠᠨ ᠤ ᠠᠬ᠎ᠠ ᠲᠡᠭᠦᠥ ᠶᠢᠨ ᠬᠤᠭᠤᠷᠤᠨᠳᠤᠬᠢ ᠠᠯᠠᠯᠴᠠᠭᠠᠨ ᠬᠡᠳᠡᠭ᠃ ᠵᠠᠷᠢᠮ ᠴᠢᠯᠠᠭᠤᠨ ᠰᠤᠳᠤᠷ

᠎ ᠲᠤ ᠡᠬᠦᠨ ᠢ ᠪᠠᠰᠨ ᠬᠥᠮᠥᠨ ᠲᠥᠷᠥᠯᠬᠢᠳᠡᠨ ᠤ ᠬᠠᠮᠤᠭ ᠤᠨ ᠠᠩᠬᠠᠨ ᠤ ᠠᠯᠠᠯᠭ᠎ᠠ ᠬᠡᠵᠤ ᠪᠠᠶᠢᠭᠰᠠᠨ᠂ ᠬᠡᠪᠡᠴᠥ

ᠲᠡᠷᠨ ᠨᠢ ᠪᠤᠳᠠᠳᠤ ᠪᠠᠶᠢᠳᠠᠯ ᠲᠠᠢ ᠥᠯᠥ ᠨᠡᠶᠢᠴᠡᠬᠦ ᠵᠦᠢᠯ ᠶᠤᠮ᠃

ᠡᠨᠡ ᠬᠦ ᠠᠯᠠᠯᠴᠠᠭᠠᠨ ᠨᠢ ᠥᠨᠢ ᠬᠤᠯᠨ ᠶᠢᠨ ᠥᠷ᠎ᠡ ᠨᠥᠯᠥᠬᠡ ᠥᠵᠡᠬᠦᠯᠪᠡ᠃ ᠮᠠᠯ ᠮᠠᠯᠵᠢᠬᠤ ᠤᠤ᠂ ᠲᠠᠷᠢᠶ᠎ᠠ

ᠲᠠᠷᠢᠬᠤ ᠤᠤ ᠬᠡᠳᠡᠭ ᠪᠤᠯ ᠬᠥᠮᠥᠨ ᠲᠥᠷᠥᠯᠬᠢᠳᠡᠨ ᠤ ᠬᠤᠶᠠᠷ ᠶᠡᠭᠡ ᠠᠵᠤ ᠠᠬᠤᠢ ᠶᠢᠨ ᠰᠤᠩᠭᠤᠯᠳᠠ ᠪᠠᠶᠢᠵᠠᠢ᠃

ᠭᠧᠶ᠋ᠢᠨ ᠠᠪᠧᠯ ᠠᠬ᠎ᠠ ᠲᠡᠭᠦᠥ ᠬᠤᠶᠠᠭᠤᠯᠨ ᠶᠢᠨ ᠰᠤᠩᠭᠤᠯᠳᠠ ᠪᠠ ᠠᠯᠠᠯᠴᠠᠭᠠᠨ ᠲᠠᠢ ᠠᠳᠠᠯᠢ ᠪᠠᠷ᠂ ᠡᠨ᠋ᠨ ᠬᠦ ᠬᠤᠶᠠᠷ

ᠲᠥᠷᠥᠯ ᠤᠨ ᠠᠵᠢᠯ ᠥᠢᠯᠡᠰ ᠡᠷᠬᠢᠯᠡᠭᠴᠢᠳ ᠬᠡᠳᠥᠨ ᠲᠥᠮᠡᠨ ᠵᠢᠯ ᠬᠠᠷᠢᠯᠴᠠᠨ ᠲᠠᠶᠢᠰᠤᠩᠨᠠᠯᠴᠠᠭᠰᠠᠨ ᠪᠢᠯᠨ᠃

ᠭᠧᠶ᠋ᠢᠨ ᠲᠡᠭᠦᠥ ᠪᠠᠨ ᠴᠢᠯᠠᠭᠤ ᠪᠠᠷ ᠴᠤᠬᠢᠵᠤ ᠠᠯᠠᠭᠰᠠᠨ ᠠᠴᠠ ᠪᠤᠯᠵᠤ᠂ ᠠᠩᠬᠠᠨ ᠤ ᠠᠯᠠᠯᠭ᠎ᠠ ᠶᠢᠨ ᠠᠷᠢᠯᠥᠰᠢ

ᠥᠬᠡᠢ ᠮᠠᠭᠤ ᠨᠡᠷ᠎ᠡ ᠶᠢ ᠴᠢᠯᠠᠭᠤᠨ ᠳᠤ ᠬᠠᠯᠳᠠᠭᠠᠭᠰᠠᠨ ᠬᠡᠳᠡᠭ᠃ ᠶᠠᠭ ᠡᠬᠦᠨ ᠠᠴᠠ ᠪᠤᠯᠵᠤ᠂ ᠴᠢᠯᠠᠭᠤᠨ ᠴᠡᠷᠢᠭ

᠎ ᠤᠳ ᠴᠠᠭ ᠮᠥᠴᠠ ᠶᠢ ᠵᠤᠭᠰᠤᠭᠠᠨ᠂ ᠴᠠᠭ ᠤᠨ ᠥᠷᠳᠡᠭᠡᠨ ᠲᠡᠭᠡᠷ᠎ᠡ ᠬᠢᠳᠤᠯᠭ᠎ᠠ ᠬᠢᠬᠦ ᠥᠶᠡᠰ ᠬᠠᠮᠤᠭ ᠠᠩᠬ᠎ᠠ

ᠭᠧᠶ᠋ᠢᠨ ᠴᠠᠭᠠᠵᠠᠯᠠᠭᠳᠠᠵᠠᠢ᠃ ᠭᠧᠶ᠋ᠢᠨ ᠴᠠᠭ ᠤᠨ ᠥᠷᠳᠡᠬᠡᠨ ᠳᠤ ᠴᠠᠭᠠᠵᠠᠯᠠᠭᠳᠠᠭᠰᠠᠨ ᠠᠴᠠ ᠲᠡᠭᠦᠨ ᠤ ᠨᠡᠷ᠎ᠡ ᠨᠢ ᠴᠠᠭ

᠎ ᠤᠨ ᠪᠢᠯᠧᠲ ᠠᠴᠠ ᠠᠷᠴᠢᠭᠳᠠᠵᠤ᠂ ᠥᠢᠯᠨ ᠬᠡᠷᠡᠭ ᠨᠢ ᠬᠡᠵᠢᠶ᠎ᠡ ᠬᠤᠵᠢᠮ ᠪᠤᠯᠳᠠᠯ᠎ᠠ ᠵᠥᠪᠬᠡᠨ ᠲᠤᠮᠤᠭ

ᠲᠡᠳᠦ᠋ᠢᠬᠡᠨ ᠢᠶᠠᠷ ᠤᠯᠠᠮᠵᠢᠯᠠᠭᠳᠠᠵᠤ ᠪᠠᠶᠢᠭᠰᠠᠨ ᠶᠤᠮ ᠰᠠᠨ᠃

332

ᠬᠥᠮᠥᠨ ᠲᠥᠷᠥᠯᠬᠢᠳᠡᠨ ᠪᠤᠯᠤᠨ ᠨᠢᠶᠠᠨᠳᠠᠷᠽᠠᠨᠢᠯᠰ ᠨᠤᠭᠤᠳ ᠤᠨ ᠲᠠᠶᠢᠨ ᠤ ᠲᠤᠮᠳᠠ᠂ ᠮᠠᠯ ᠬᠠᠷᠢᠭᠤᠯᠤᠭᠴᠢ

ᠳ᠋ᠠᠸᠢᠲ ᠸᠠᠩ ᠴᠢᠯᠠᠭᠤ ᠪᠠᠷ ᠠᠪᠤᠷᠭᠤ ᠲᠤᠮᠤ ᠨᠢᠶᠠᠨᠳᠠᠷᠽᠠᠨᠢᠯᠰ ᠢ ᠴᠤᠬᠢᠨ ᠠᠯᠠᠭᠰᠠᠨ ᠨᠢ ᠤᠯᠠᠨ ᠳᠤ ᠲᠥᠬᠡᠮᠡᠯ

ᠲᠡᠯᠬᠡᠷᠡᠭᠰᠡᠨ ᠨᠡᠷ᠎ᠡ ᠠᠯᠳᠠᠷᠳᠤ ᠥᠯᠢᠭᠡᠷ ᠪᠤᠯᠵᠠᠢ᠃

ᠠᠪᠤᠷᠭᠤ ᠬᠥᠴᠥᠳᠥ ᠨᠢᠶᠠᠨᠳᠠᠷᠽᠠᠨᠢᠯᠰ᠂ ᠬᠥᠴᠥ ᠲᠡᠩᠭᠡᠭᠡ ᠳᠡᠭᠡᠨ ᠡᠷᠳᠥᠵᠤ᠂ ᠬᠥᠮᠥᠨ ᠲᠥᠷᠥᠯᠬᠢᠳᠡᠨ ᠤ ᠪᠠᠶᠢᠭ᠎ᠠ

ᠭᠠᠵᠠᠷ ᠤᠨ ᠤᠶᠢᠷᠠᠯᠴᠠᠭ᠎ᠠ ᠢᠷᠡᠬᠡᠳ᠂ ᠮᠠᠭᠤᠬᠠᠢ ᠥᠬᠡ ᠪᠠᠷ ᠬᠠᠷᠢᠶᠠᠨ ᠬᠡᠷᠡᠬᠦᠯ ᠡᠳᠥᠵᠡᠢ᠃ ᠬᠡᠬᠦ ᠳᠤ ᠬᠥᠮᠥᠨ

ᠲᠥᠷᠥᠯᠬᠢᠳᠡᠨ ᠤ ᠲᠠᠯ᠎ᠠ ᠠᠴᠠ ᠬᠡᠨ ᠴᠤ ᠬᠠᠷᠢᠭᠤ ᠥᠴᠢᠵᠤ ᠴᠢᠳᠠᠭᠰᠠᠨ ᠥᠬᠡᠢ᠃ ᠡᠨ᠋ᠨ ᠥᠶ᠎ᠡ ᠳᠤ ᠮᠠᠯ

ᠬᠠᠷᠢᠭᠤᠯᠤᠭᠴᠢ ᠳ᠋ᠠᠸᠢᠲ ᠸᠠᠩ ᠪᠤᠰᠤᠭᠠᠳ᠄

— ᠡᠨ᠋ᠨ ᠮᠠᠩᠭᠤᠰ ᠬᠥᠮᠥᠨ ᠲᠥᠷᠥᠯᠬᠢᠳᠡᠨ ᠤ ᠡᠮᠥᠨ᠎ᠡ ᠬᠡᠷᠬᠢᠨ ᠢᠡᠭᠭᠢᠵᠤ ᠠᠭᠠᠰᠢᠯᠠᠬᠤ ᠨᠢ ᠪᠤᠢ︖ ᠪᠢ ᠡᠬᠦᠨ

᠎ ᠲᠠᠢ ᠥᠵᠡᠯᠴᠠᠬᠦ ᠰᠠᠨ ᠬᠡᠵᠡᠢ᠃ ᠳ᠋ᠠᠸᠢᠲ ᠸᠠᠩ ᠠᠷᠪᠠᠭᠠᠳᠬᠠᠨ ᠨᠠᠰᠤᠳᠠᠢ ᠬᠡᠥᠬᠡᠳ ᠪᠠᠶᠢᠭᠰᠠᠨ ᠲᠤᠯᠨ ᠬᠥᠮᠥᠰ

ᠲᠡᠭᠦᠨ ᠢ ᠬᠤᠷᠢᠭᠯᠠᠵᠠᠢ᠃

ᠳ᠋ᠠᠸᠢᠲ ᠸᠠᠩ ᠬᠥᠮᠥᠰ ᠤᠨ ᠬᠤᠷᠢᠭᠯᠠᠬᠤ ᠶᠢ ᠰᠤᠨᠤᠰᠤᠯ ᠥᠬᠡᠢ ᠤᠷᠤᠭᠰᠢ ᠠᠯᠬᠤᠯᠠᠭᠠᠳ᠂ ᠠᠪᠤᠷᠭᠤ

ᠨᠢᠶᠠᠨᠳᠠᠷᠽᠠᠨᠢᠯᠰ ᠤᠨ ᠤᠶᠢᠷᠠᠬᠠᠨ ᠤᠴᠢᠵᠤ᠂ ᠰᠤᠷ ᠢᠶᠠᠷ ᠬᠢᠭᠰᠡᠨ ᠬᠥᠷᠢᠩᠭᠡ ᠳᠡᠭᠡᠨ ᠴᠢᠯᠠᠭᠤ ᠰᠠᠪᠠᠯᠠᠠᠭᠠᠳ

ᠲᠠᠯᠠᠯᠤᠨ ᠡᠷᠬᠢᠬᠦᠯᠬᠦ ᠳᠤ᠂ ᠰᠠᠯᠬᠢ ᠲᠠᠳᠠᠪᠠ᠃

ᠬᠥᠷᠢᠩᠭᠡ ᠶᠢᠨ ᠴᠢᠯᠠᠭᠤ ᠢᠰᠬᠡᠷᠥᠨ ᠭᠠᠷᠴᠤ᠂ ᠲᠡᠷᠨ ᠥᠨᠳᠥᠷ ᠰᠥᠷᠯᠢᠭ ᠪᠡᠶ᠎ᠡ ᠲᠠᠢ ᠠᠪᠤᠷᠭᠤ ᠨᠢᠶᠠᠨᠳᠠᠷᠽᠠᠨᠢᠯᠰ

᠎ ᠤᠨ ᠭᠠᠯ ᠮᠠᠩᠨᠠᠢ ᠶᠢ ᠤᠨᠤᠭᠰᠠᠨ ᠢᠶᠠᠷ ᠲᠡᠷᠨ ᠨᠢᠶᠠᠨᠳᠠᠷᠽᠠᠨᠢᠯᠰ ᠥᠭᠦᠵᠡᠢ᠃ ᠡᠨ᠋ᠨ ᠪᠤᠯ ᠬᠥᠮᠥᠨ ᠲᠥᠷᠥᠯᠬᠢᠳᠡᠨ ᠤ

ᠨᠡᠷ᠎ᠡ ᠠᠯᠳᠠᠷ ᠲᠠᠢ ᠥᠯᠢᠬᠡᠷ ᠪᠤᠯᠬᠤ ᠶᠤᠮ᠃

ᠬᠠᠶᠢᠷᠤᠪ ᠪᠠᠭᠠᠳᠤᠷ ᠤᠨ ᠬᠡᠯᠡᠬᠦ ᠪᠠᠷ᠂ ᠳ᠋ᠠᠸᠢᠲ ᠸᠠᠩ ᠲᠡᠷᠨ ᠨᠢᠶᠠᠨᠳᠠᠷᠽᠠᠨᠢᠯᠰ ᠲᠠᠢ ᠬᠥᠴᠥ ᠪᠠᠷ ᠥᠵᠡᠯᠴᠡᠭᠰᠡᠨ

ᠥᠬᠡᠢ᠂ ᠲᠡᠷᠨ ᠨᠢᠶᠠᠨᠳᠠᠷᠽᠠᠨᠢᠯᠰ ᠢ ᠲᠡᠶᠢᠯᠥᠭᠰᠡᠨ ᠨᠢ ᠴᠢᠯᠠᠭᠤᠨ ᠤ ᠰᠥᠷ ᠬᠥᠴᠥ ᠪᠤᠯᠬᠤ ᠶᠤᠮ᠃ ᠳ᠋ᠠᠸᠢᠲ ᠸᠠᠩ

ᠨᠡᠷ᠎ᠡ ᠠᠯᠳᠠᠷᠰᠢᠭᠠᠳ᠂ ᠨᠢᠶᠠᠨᠳᠠᠷᠽᠠᠨᠢᠯᠰ ᠤᠨ ᠭᠠᠯ ᠮᠠᠩᠨᠠᠢ ᠶᠢ ᠤᠨᠤᠭᠰᠠᠨ ᠲᠡᠷᠨ ᠴᠢᠯᠠᠭᠤ ᠨᠡᠷ᠎ᠡ ᠭᠠᠷᠤᠭᠰᠠᠨ

ᠥᠬᠡᠢ᠃ ᠡᠶᠢᠮᠥ ᠠᠴᠠ ᠬᠠᠶᠢᠷᠤᠪ ᠪᠠᠭᠠᠳᠤᠷ ᠡᠨ᠋ᠨ ᠵᠤᠳᠤᠭᠠᠨ ᠢ ᠭᠤᠤᠯᠴᠢ ᠪᠤᠰᠤ ᠵᠤᠳᠤᠭᠠᠨ ᠬᠡᠵᠤ ᠥᠵᠡᠵᠡᠢ᠃

ᠳ᠋ᠠᠸᠢᠲ ᠸᠠᠩ ᠬᠡᠯᠡᠯᠬᠡᠨ ᠥᠬᠡᠢ ᠴᠠᠭᠠᠯᠠᠭᠳᠠᠭᠴᠢᠳ ᠤᠨ ᠨᠡᠷ᠎ᠡ ᠵᠢᠭᠳᠡ ᠳᠤ ᠵᠢᠭᠰᠠᠭᠠᠭᠳᠠᠵᠤ ᠪᠠᠶᠢᠪᠠ᠃

ᠳ᠋ᠠᠸᠢᠲ ᠸᠠᠩ ᠤᠨ ᠰᠠᠭᠤᠵᠤ ᠪᠠᠶᠢᠭᠰᠠᠨ ᠴᠠᠭ ᠤᠨ ᠸᠠᠭᠤᠨ ᠥᠷᠳᠡᠬᠡᠨ ᠳᠤ ᠤᠷᠤᠵᠤ ᠢᠷᠡᠬᠦ ᠳᠤ᠂ ᠬᠠᠶᠢᠷᠤᠪ ᠤᠨ

ᠴᠢᠯᠠᠭᠤᠨ ᠴᠠᠭᠳᠠᠭᠴᠢᠳ ᠸᠠᠭᠤᠨ ᠳᠤ ᠲᠠᠭᠠᠷᠢᠨ ᠤᠷᠤᠯ᠎ᠠ᠃ ᠬᠡᠪᠡᠴᠥ ᠲᠡᠳᠡ ᠳ᠋ᠠᠸᠢᠲ ᠸᠠᠩ ᠢ ᠡᠷᠢᠵᠤ ᠤᠯᠤᠭᠰᠠᠨ

ᠥᠬᠡᠢ᠃ ᠬᠢᠨᠠᠮᠠᠭᠠᠢ ᠬᠡᠷᠰᠡᠥ ᠳ᠋ᠠᠸᠢᠲ ᠸᠠᠩ ᠸᠠᠭᠤᠨ ᠠᠴᠠ ᠪᠠᠨ ᠵᠠᠶᠢᠯᠠᠵᠤ᠂ ᠤᠷᠤᠨ ᠳᠠᠭᠠᠨ ᠨᠠᠷᠢᠯᠢᠬ ᠰᠠᠶᠢᠬᠠᠨ

ᠰᠡᠶᠢᠯᠵᠤ ᠬᠢᠭᠰᠡᠨ ᠳ᠋ᠠᠸᠢᠲ ᠶᠢᠨ ᠭᠠᠨᠳᠢᠭ ᠱᠤᠭᠤᠮᠠᠯ ᠢ ᠲᠠᠯᠪᠵᠠᠢ᠃ ᠡᠨ᠋ᠨ ᠱᠤᠭᠤᠮᠠᠯ ᠨᠢ 2.5 ᠮᠧᠲᠷ ᠥᠨᠳᠥᠷ᠂

ᠳ᠋ᠠᠸᠢᠲ ᠤᠨ ᠴᠤᠬᠢᠨ ᠢᠯᠠᠭᠰᠠᠨ ᠥᠨᠥ ᠠᠪᠤᠷᠭᠤ ᠨᠢᠶᠠᠨᠳᠠᠷᠽᠠᠨᠢᠯᠰ ᠤᠨ ᠪᠡᠶ᠎ᠡ ᠶᠢᠨ ᠥᠨᠳᠥᠷ ᠲᠠᠢ ᠤᠶᠢᠷᠠᠳᠤᠵᠤ

ᠤᠴᠢᠨ᠎ᠠ᠃ ᠡᠬᠦᠨ ᠢ ᠮᠢᠺᠠᠶᠢᠯᠠᠨᠵᠢᠯᠥᠸᠧ 1501-1504 ᠤᠨ ᠤ ᠬᠤᠭᠤᠷᠤᠨᠳᠤ ᠰᠡᠶᠢᠯᠥᠨ ᠭᠠᠷᠭᠠᠭᠰᠠᠨ ᠶᠤᠮ᠃

ᠰᠡᠬᠦᠯ ᠤᠨ ᠬᠥᠮᠥᠰ ᠡᠨ᠋ᠨ ᠱᠤᠭᠤᠮᠠᠯ ᠢ ᠡᠸᠥ᠋ᠷᠥᠫᠠ ᠶᠢᠨ ᠤᠷᠠᠨ ᠵᠢᠷᠤᠭ ᠤᠨ ᠲᠡᠥᠬᠡᠨ ᠳᠤ ᠬᠢ ᠬᠠᠮᠤᠭ ᠤᠨ

ᠮᠠᠭᠳᠠᠭᠤᠰᠢᠳᠠᠢ ᠱᠤᠭᠤᠮᠠᠯ ᠬᠡᠳᠡᠭ ᠪᠠᠶᠢᠨ᠎ᠠ᠃

ᠴᠢᠯᠠᠭᠤᠨ ᠴᠡᠷᠢᠭ ᠱᠤᠭᠤᠮᠠᠯ ᠢ ᠥᠷᠳᠡᠬᠡᠨ ᠲᠡᠭᠡᠷ᠎ᠡ ᠲᠠᠮᠨᠠᠨ ᠭᠠᠷᠭᠠᠭᠠᠳ᠂ ᠴᠠᠭᠠᠵᠠᠯᠠᠬᠤ ᠬᠡᠵᠤ ᠤᠷᠤᠯᠳᠤᠭᠠᠳ

ᠴᠠᠭᠠᠵᠠᠯᠠᠵᠤ ᠲᠡᠶᠢᠯᠥᠭᠰᠡᠨ ᠥᠬᠡᠢ᠃ ᠬᠠᠶᠢᠷᠤᠪ ᠪᠠᠭᠠᠳᠤᠷ ᠡᠯ᠎ᠡ ᠬᠤᠳᠠ ᠶᠢᠨ ᠴᠡᠴᠡᠷᠯᠢᠭ ᠠᠴᠠ ᠴᠤᠭᠯᠠᠭᠤᠯᠤᠭᠰᠠᠨ

ᠡᠰᠡᠨ ᠪᠤᠰᠠᠨ ᠱᠤᠭᠤᠮᠠᠯ ᠤᠳ ᠤᠨ ᠠᠯᠢ ᠨᠢ ᠴᠤ ᠮᠢᠺᠠᠶᠢᠯᠠᠨᠵᠢᠯᠥᠸᠧ ᠶᠢᠨ ᠨᠡᠷ᠎ᠡ ᠠᠯᠳᠠᠷᠳᠤ ᠭᠠᠨᠳᠢᠭ ᠴᠢᠯᠠᠭᠤᠨ

ᠱᠤᠭᠤᠮᠠᠯ ᠤᠨ ᠬᠢᠷᠢ ᠪᠠᠶᠢᠭᠰᠠᠨ ᠥᠬᠡᠢ᠃ ᠡᠶᠢᠮᠥ ᠠᠴᠠ ᠴᠢᠯᠠᠭᠤᠨ ᠴᠠᠭᠳᠠᠭᠴᠢᠳ ᠱᠤᠭᠤᠮᠠᠯ ᠢ ᠲᠠᠭᠢᠨ ᠸᠠᠭᠤᠨ ᠳᠤ

᠎ ᠨᠢ ᠲᠠᠮᠨᠠᠨ ᠤᠷᠤᠭᠤᠯᠵᠤ᠂ ᠭᠠᠷ ᠲᠠᠯᠠᠯᠤᠨ ᠥᠳᠡᠵᠡᠢ᠃

ᠬᠠᠶᠢᠷᠤᠪ ᠤᠨ ᠬᠢᠳᠤᠯᠭ᠎ᠠ ᠠᠴᠠ ᠵᠠᠶᠢᠯᠠᠭᠰᠠᠨ ᠳ᠋ᠠᠸᠢᠲ ᠸᠠᠩ ᠤᠨ ᠡᠨ᠋ᠨ ᠥᠢᠯᠨ ᠶᠢ ᠷᠤᠮᠠ ᠶᠢᠨ ᠬᠠᠭᠠᠳ

ᠲᠤᠤᠷᠠᠬᠠᠨ ᠢᠶᠠᠨ ᠲᠠᠭᠤᠷᠢᠶᠠᠵᠤ᠂ ᠪᠡᠶ᠎ᠡ ᠳᠡᠭᠡᠨ ᠪᠥᠷ ᠨᠠᠷᠢᠯᠢᠬ ᠰᠠᠶᠢᠬᠠᠨ ᠭᠠᠨᠳᠢᠭ ᠴᠢᠯᠠᠭᠤᠨ ᠱᠤᠭᠤᠮᠠᠯ ᠬᠢᠯᠬᠡᠵᠤ

ᠠᠪᠤᠪᠠ᠃ ᠳ᠋ᠠᠸᠢᠲ ᠸᠠᠩ ᠲᠠᠢ ᠠᠳᠠᠯᠢ ᠪᠠᠷ ᠲᠡᠳᠡ ᠴᠤ ᠬᠠᠶᠢᠷᠤᠪ ᠪᠠᠭᠠᠳᠤᠷ ᠤᠨ ᠴᠢᠯᠠᠭᠤᠨ ᠴᠡᠷᠢᠭ ᠤᠨ

ᠬᠢᠳᠤᠯᠭ᠎ᠠ ᠠᠴᠠ ᠵᠠᠶᠢᠯᠠᠵᠤ ᠴᠢᠳᠠᠵᠠᠢ᠃

333

ᠬᠢᠳᠠᠳ ᠤᠨ ᠲᠥᠷᠥ ᠶᠢᠨ ᠥᠶ᠎ᠡ ᠶᠢᠨ ᠰᠢᠥᠢ ᠰᠢᠶᠥ᠋ᠨ ᠬᠡᠭᠴᠢ ᠨᠢᠬᠡ ᠰᠢᠶᠡᠨ ᠤ ᠮᠡᠳᠡᠭᠴᠢ ᠴᠠᠭ ᠤᠨ ᠸᠠᠭᠤᠨ ᠳᠤ

ᠤᠷᠤᠵᠤ ᠢᠷᠡᠭᠰᠡᠨ ᠳᠤ᠂ ᠴᠢᠯᠠᠭᠤᠨ ᠴᠠᠭᠳᠠᠭᠴᠢᠳ ᠪᠠᠷᠢᠵᠤ ᠠᠪᠴᠠᠢ᠃

ᠲᠡᠷᠨ ᠨᠢᠬᠡ ᠵᠢᠯ ᠤᠨ ᠭᠠᠨᠭ᠌ ᠬᠠᠭᠰᠠᠷᠠᠭᠠᠨ ᠳᠤ ᠲᠠᠷᠢᠶᠠᠴᠢᠳ ᠮᠥᠬᠦᠯᠢᠭ ᠪᠤᠳᠠᠭ᠎ᠠ ᠬᠤᠷᠢᠶᠠᠭ᠎ᠠ ᠥᠬᠡᠢ ᠲᠤᠯᠨ

ᠭᠠᠶᠢᠯᠢ ᠲᠤᠰᠢᠶᠠᠬᠤ ᠮᠥᠡᠭᠭᠦ ᠴᠤ ᠪᠠᠶᠢᠭᠰᠠᠨ ᠥᠬᠡᠢ᠃ ᠰᠢᠶᠡᠨ ᠤ ᠮᠡᠳᠡᠭᠴᠢ ᠪᠠᠶᠢᠭᠰᠠᠨ ᠰᠢᠥᠢ ᠰᠢᠶᠥ᠋ᠨ

ᠤᠪᠠᠳᠢᠰ ᠢᠶᠠᠷ ᠴᠢᠯᠠᠭᠤ ᠶᠢ ᠠᠯᠳᠠ ᠪᠤᠯᠭᠠᠨ ᠬᠤᠪᠢᠷᠠᠭᠠᠵᠤ᠂ ᠠᠷᠠᠳ ᠢᠷᠬᠡᠳ ᠤᠨ ᠭᠠᠶᠢᠯᠢ ᠶᠢᠨ ᠮᠥᠡᠭᠭᠦ ᠶᠢ

ᠲᠤᠰᠢᠶᠠᠯᠭᠠᠭᠰᠠᠨ ᠠᠵᠢ᠃ ᠬᠡᠪᠡᠴᠥ ᠬᠠᠶᠢᠷᠤᠪ ᠪᠠᠭᠠᠳᠤᠷ᠂ ᠰᠢᠥᠢ ᠰᠢᠶᠥ᠋ᠨ ᠤ ᠡᠨᠡᠷᠢᠩᠭᠦᠢ ᠰᠡᠳᠬᠢᠯ ᠠᠴᠠ ᠪᠤᠯᠵᠤ᠂

ᠶᠠᠯ᠎ᠠ ᠶᠢ ᠨᠢ ᠬᠡᠯᠳᠥᠷᠢᠬᠦᠯᠥᠭᠰᠡᠨ ᠥᠬᠡᠢ᠃

ᠰᠢᠥᠢ ᠰᠢᠶᠥ᠋ᠨ᠂ ᠴᠢᠯᠠᠭᠤᠨ ᠤ ᠲᠥᠪ ᠭᠤᠤᠯᠴᠢ ᠶᠢ ᠰᠡᠵᠢᠭᠯᠡᠵᠤ᠂ ᠴᠢᠯᠠᠭᠤᠨ ᠳᠤ ᠬᠤᠳᠠᠯ ᠬᠠᠭᠤᠷᠮᠠᠭ ᠤᠨ ᠨᠡᠷ᠎ᠡ

ᠵᠡᠬᠦᠯᠬᠡᠭᠰᠡᠨ ᠶᠠᠯ᠎ᠠ ᠪᠠᠷ ᠴᠠᠭ ᠤᠨ ᠥᠷᠳᠡᠬᠡᠨ ᠳᠤ ᠬᠤᠷᠤᠭᠠᠭᠳᠠᠵᠠᠢ᠃

ᠨᠢᠬᠡ ᠶᠠᠳᠠᠭᠤ ᠪᠢᠴᠢᠭᠳᠡᠨ ᠯᠢᠥᠢ ᠳ᠋ᠥᠡᠭ ᠪᠢᠨ ᠲᠠᠢ ᠲᠠᠭᠠᠷᠠᠯᠳᠤᠵᠤ᠂ ᠲᠤᠰᠠᠯᠠᠮᠵᠢ ᠬᠥᠰᠡᠵᠡᠢ᠃ ᠯᠢᠥᠢ ᠳ᠋ᠥᠡᠭ ᠪᠢᠨ

ᠥᠷᠥ ᠡᠪᠡᠳᠬᠦ ᠰᠡᠳᠬᠢᠯ ᠲᠥᠷᠥᠭᠡᠳ᠂ ᠴᠢᠯᠠᠭᠤ ᠶᠢ ᠵᠢᠭᠠᠨ ᠠᠯᠳᠠ ᠬᠤᠪᠢᠯᠭᠠᠭᠠᠳ ᠥᠭᠭᠦᠭᠰᠡᠨ ᠳᠤ ᠲᠡᠷᠨ

ᠪᠢᠴᠢᠭᠳᠡᠨ ᠠᠪᠤᠭᠰᠠᠨ ᠥᠬᠡᠢ᠃

— ᠪᠢ ᠡᠨ᠋ᠨ ᠴᠢᠯᠠᠭᠤ ᠪᠠᠷ ᠬᠤᠪᠢᠯᠭᠠᠭᠰᠠᠨ ᠠᠯᠳᠠ ᠶᠢ ᠴᠢᠨᠢ ᠠᠪᠬᠤ ᠥᠬᠡᠢ᠂ ᠪᠢ ᠴᠢᠯᠠᠭᠤ ᠬᠤᠪᠢᠯᠭᠠᠳᠠᠭ

ᠬᠤᠷᠤᠭᠤ ᠶᠢ ᠴᠢᠨᠢ ᠠᠪᠤᠮᠠᠷ ᠪᠠᠶᠢᠨ᠎ᠠ ᠬᠡᠵᠤ ᠥᠨᠥ ᠶᠠᠳᠠᠭᠤ ᠪᠢᠴᠢᠭᠳᠡᠨ ᠬᠡᠯᠡᠵᠡᠢ᠃ ᠡᠨ᠋ᠨ ᠨᠢ ᠥᠨᠡᠬᠡᠷ ᠲᠡᠭᠦᠨ ᠤ

ᠬᠤᠷᠤᠭᠤ ᠶᠢ ᠠᠪᠤᠨ᠎ᠠ ᠬᠡᠰᠡᠨ ᠥᠬᠡ ᠪᠢᠰᠢ᠂ ᠬᠠᠷᠢᠨ ᠴᠢᠯᠠᠭᠤ ᠶᠢ ᠠᠯᠳᠠ ᠪᠤᠯᠭᠠᠨ ᠬᠤᠪᠢᠯᠭᠠᠳᠠᠭ ᠡᠷᠳᠡᠮ ᠢ ᠨᠢ

ᠠᠪᠤᠨ᠎ᠠ ᠬᠡᠰᠡᠨ ᠥᠬᠡ ᠠᠵᠢ᠃ ᠬᠡᠪᠡᠴᠥ ᠯᠢᠥᠢ ᠳ᠋ᠥᠡᠭ ᠪᠢᠨ ᠴᠢᠯᠠᠭᠤᠨ ᠴᠡᠷᠢᠭ ᠤᠨ ᠶᠠᠯᠠᠯᠠᠭ᠎ᠠ ᠠᠴᠠ ᠠᠶᠤᠭᠠᠳ᠂

ᠲᠡᠨᠳᠡ ᠠᠴᠠ ᠵᠢᠭᠤᠳᠠᠨ ᠶᠠᠪᠤᠵᠠᠢ᠃

ᠯᠢᠥᠢ ᠳ᠋ᠥᠡᠭ ᠪᠢᠨ ᠠᠴᠠ ᠥᠬᠡᠷ᠎ᠡ᠂ ᠴᠢᠯᠠᠭᠤ ᠶᠢ ᠵᠢᠭᠠᠵᠤ ᠠᠯᠳᠠ ᠬᠤᠪᠢᠯᠭᠠᠭᠴᠢ ᠪᠤᠢ ᠪᠥᠬᠦᠢ ᠬᠥᠮᠥᠰ ᠪᠥᠷ

ᠬᠠᠶᠢᠷᠤᠪ ᠪᠠᠭᠠᠳᠤᠷ ᠤᠨ ᠴᠢᠯᠠᠭᠤᠨ ᠴᠡᠷᠢᠭ ᠲᠤ ᠴᠠᠭᠠᠵᠠᠯᠠᠭᠳᠠᠵᠠᠢ᠃

ᠬᠠᠷᠢᠨ ᠠᠯᠳᠠ ᠶᠢ ᠴᠢᠯᠠᠭᠤ ᠪᠤᠯᠭᠠᠨ ᠬᠤᠪᠢᠯᠭᠠᠭᠴᠢᠳ᠂ ᠬᠠᠶᠢᠷᠤᠪ ᠪᠠᠭᠠᠳᠤᠷ ᠤᠨ ᠰᠠᠶᠢᠰᠢᠶᠠᠯ ᠢ ᠬᠥᠷᠳᠡᠵᠤ᠂

ᠱᠠᠩᠨᠠᠭᠳᠠᠵᠠᠢ᠃ ᠠᠯᠳᠠ ᠶᠢ ᠴᠢᠯᠠᠭᠤ ᠪᠤᠯᠭᠠᠭᠴᠢᠳ ᠪᠤᠯ ᠬᠥᠮᠥᠨ ᠲᠥᠷᠥᠯᠬᠢᠳᠡᠨ ᠤ ᠲᠤᠮᠳᠠᠬᠢ ᠨᠢᠬᠡ ᠪᠥᠯᠥᠭ

ᠬᠥᠳᠡᠬᠢ ᠪᠢᠳᠠᠭᠤᠯᠢᠭ ᠬᠥᠮᠥᠰ ᠠᠳᠠᠯ᠎ᠠ ᠴᠢᠯᠠᠭᠤᠨ ᠴᠡᠷᠢᠭ ᠤᠨ ᠥᠢᠮᠡᠬᠡᠨ ᠤ ᠥᠶ᠎ᠡ ᠳᠤ ᠡᠷᠬᠢᠮ ᠬᠥᠮᠥᠰ ᠪᠤᠯᠤᠨ

ᠥᠨᠡᠯᠡᠭᠳᠡᠵᠤ ᠪᠠᠶᠢᠪᠠ᠃ ᠡᠬᠦᠨ ᠠᠴᠠ ᠪᠤᠯᠵᠤ ᠬᠥᠮᠥᠨ ᠲᠥᠷᠥᠯᠬᠢᠳᠡᠨ ᠬᠠᠶᠢᠷᠤᠪ ᠪᠠᠭᠠᠳᠤᠷ ᠤᠨ ᠲᠥᠪ ᠭᠤᠤᠯᠴᠢ

ᠬᠡᠳᠡᠭ ᠲᠤ ᠰᠡᠵᠢᠭᠯᠡᠬᠦ ᠪᠤᠯᠵᠠᠢ᠃ ᠬᠠᠷᠢᠨ ᠬᠠᠶᠢᠷᠤᠪ ᠪᠠᠭᠠᠳᠤᠷ ᠪᠤᠯ ᠴᠢᠯᠠᠭᠤᠨ ᠤ ᠡᠷᠬᠡ ᠲᠡᠭᠰᠢ ᠲᠥᠪ ᠭᠤᠤᠯᠴᠢ

ᠬᠡᠳᠡᠭ ᠲᠤ ᠯᠠᠪ ᠯᠤᠪ ᠢᠳᠡᠬᠡᠵᠤ ᠪᠠᠶᠢᠵᠠᠢ᠃

334

ᠬᠠᠶᠢᠷᠤᠪ ᠤᠨ ᠴᠢᠯᠠᠭᠤᠨ ᠴᠡᠷᠢᠭ ᠤᠳ ᠲᠤ ᠬᠤᠷᠤᠭᠠᠭᠳᠠᠭᠰᠠᠨ ᠨᠢ ᠡᠳᠡᠬᠡᠷ ᠨᠡᠷ᠎ᠡ ᠠᠯᠳᠠᠷ ᠲᠠᠢ ᠪᠠᠭᠠᠳᠤᠷᠴᠤᠳ᠂

ᠬᠠᠭᠠᠳ ᠨᠤᠶᠠᠳ ᠪᠠ ᠵᠠᠯᠢ ᠮᠡᠭᠡ ᠭᠠᠷᠭᠠᠭᠴᠢᠳ ᠲᠡᠳᠥᠢ ᠥᠬᠡᠢ᠂ ᠪᠠᠰᠨ ᠨᠢᠬᠡ ᠪᠥᠯᠥᠭ ᠡᠬᠡᠯ ᠵᠢᠷ ᠤᠨ

ᠲᠠᠷᠢᠶᠠᠴᠢᠳ ᠴᠤ ᠬᠠᠮᠤᠷᠤᠭᠳᠠᠵᠠᠢ᠃ ᠡᠬᠡᠯ ᠵᠢᠷ ᠤᠨ ᠬᠥᠮᠥᠰ ᠡᠬᠡᠯ ᠶᠡᠷᠥᠮᠳᠡᠭ ᠴᠠᠭ ᠤᠨ ᠸᠠᠭᠤᠨ ᠳᠤ ᠰᠢᠬᠠᠯᠳᠤᠵᠤ

᠂ ᠠᠷᠠᠢ ᠴᠢᠮᠠᠢ ᠠᠶᠠᠯᠠᠵᠤ ᠶᠠᠪᠤᠭᠠᠳ᠂ ᠴᠠᠭ ᠤᠨ ᠵᠤᠭᠰᠤᠭᠠᠯ ᠳᠤ ᠤᠷᠤᠵᠤ᠂ ᠴᠢᠯᠠᠭᠤᠨ ᠴᠡᠷᠢᠭ ᠲᠤ ᠪᠠᠷᠢᠭᠳᠠᠬᠤ

ᠪᠤᠯᠳᠠᠯ᠎ᠠ ᠪᠠᠨ ᠶᠠᠭᠤᠨ ᠳᠤ ᠢᠡᠭᠭᠢᠬᠦᠯᠵᠤ ᠪᠠᠶᠢᠭ᠎ᠠ ᠪᠠᠨ ᠴᠤ ᠮᠡᠳᠡᠭᠰᠡᠨ ᠥᠬᠡᠢ᠃ ᠲᠡᠳᠡᠨ ᠤ ᠠᠯᠤᠰ ᠡᠷᠳᠡᠨ ᠤ

ᠬᠠᠮᠰᠠᠭᠠᠳᠠᠨ ᠪᠤᠯᠬᠤ ᠭᠧᠶ᠋ᠢᠨ ᠲᠠᠢ ᠠᠳᠠᠯᠢ ᠲᠠᠷᠢᠶ᠎ᠠ ᠲᠠᠷᠢᠵᠤ᠂ ᠡᠷᠬᠡᠰ ᠤᠷᠴᠢᠯᠠᠩ ᠤᠨ ᠤᠭ ᠲᠥᠷᠬᠦ ᠶᠢ

ᠬᠥᠨᠳᠡᠭᠰᠡᠨ ᠠᠴᠠ ᠪᠠᠨ ᠪᠤᠯᠤᠭᠠᠳ ᠴᠠᠭᠠᠵᠠᠯᠠᠭᠳᠠᠯ᠎ᠠ ᠬᠡᠳᠡᠭ ᠢᠶᠠᠨ ᠲᠡᠳᠡ ᠮᠡᠳᠡᠭᠰᠡᠨ ᠥᠬᠡᠢ᠃

ᠡᠬᠦᠨ ᠤ ᠡᠰᠡᠷᠬᠦ ᠪᠠᠷ᠂ ᠠᠨᠢᠷ ᠡᠷᠳᠡᠨ ᠤ ᠨᠢᠬᠡ ᠪᠥᠯᠥᠭ ᠮᠠᠯᠴᠢᠳ ᠥᠷᠳᠡᠭᠡᠨ ᠳᠤ ᠤᠷᠤᠵᠤ ᠢᠷᠡᠬᠦ ᠳᠤ᠂

ᠴᠢᠯᠠᠭᠤᠨ ᠴᠡᠷᠢᠭ ᠤᠳ ᠲᠡᠳᠡᠨ ᠢ ᠴᠠᠭᠠᠵᠠᠯᠠᠬᠤ ᠬᠡᠵᠤ ᠪᠤᠵᠢᠬᠢᠨᠠᠯᠳᠤᠭᠰᠠᠨ ᠥᠬᠡᠢ᠃ ᠬᠠᠷᠢᠨ ᠴᠤ ᠴᠠᠭ ᠤᠨ

ᠵᠤᠭᠰᠤᠭᠠᠯ ᠳᠤ ᠲᠡᠷᠢ ᠲᠡᠭᠰᠢᠬᠡᠨ ᠮᠥᠷᠯᠡᠨ ᠵᠢᠭᠰᠠᠵᠤ᠂ ᠶᠤᠰᠤᠯᠠᠯ ᠤᠨ ᠤᠷᠢᠶ᠎ᠠ ᠬᠠᠰᠬᠢᠷᠤᠨ ᠥᠳᠡᠨ ᠮᠤᠷᠳᠠᠭᠤᠯᠵᠤ

ᠪᠠᠶᠢᠯ᠎ᠠ᠃

ᠲᠡᠳᠡ ᠲᠠᠷᠢᠶᠠᠴᠢᠳ ᠰᠢᠬ ᠭᠠᠵᠠᠷ ᠰᠡᠨᠳᠡᠴᠢᠵᠤ᠂ ᠡᠷᠬᠡᠰ ᠤᠨ ᠲᠥᠷᠬᠦ ᠶᠢ ᠥᠬᠡᠷᠡᠴᠢᠯᠡᠬᠦ ᠬᠡᠳᠡᠭ ᠥᠬᠡᠢ᠂ ᠬᠠᠷᠢᠨ

ᠴᠤ ᠡᠷᠬᠡᠰ ᠤᠨ ᠲᠥᠷᠬᠦ ᠳᠤ ᠲᠤᠭᠢᠷᠠᠨ ᠠᠮᠢᠳᠤᠷᠠᠬᠤ ᠶᠢ ᠰᠠᠨᠠᠭᠠᠴᠢᠯᠠᠳᠠᠭ ᠠᠵᠢ᠃ ᠲᠡᠳᠡ ᠠᠭᠤᠯᠨ ᠬᠠᠶᠢᠷᠬᠠᠨ ᠢ

ᠰᠢᠳᠥᠨ ᠪᠢᠰᠢᠷᠡᠵᠤ᠂ ᠥᠷᠯᠥᠬᠡ ᠥᠳᠡᠰᠢ ᠳᠡᠭᠡᠨ ᠰᠥ ᠪᠠᠷ ᠮᠢᠯᠢᠶᠠᠳᠠᠭ ᠪᠥᠬᠡᠳ ᠬᠥᠳᠡᠭᠡ ᠬᠡᠬᠡᠷ᠎ᠡ ᠶᠠᠪᠤᠵᠤ

ᠪᠠᠶᠢᠭᠠᠳ ᠶᠠᠮᠠᠷ ᠨᠢᠬᠡᠨ ᠰᠢᠯᠳᠠᠭᠠᠨ ᠢᠶᠠᠷ ᠴᠢᠯᠠᠭᠤᠳ ᠢ ᠬᠥᠳᠡᠯᠬᠡᠬᠦ ᠶᠤᠮ ᠪᠤᠯ ᠲᠤᠤᠷᠠᠬᠠᠨ ᠢᠶᠠᠨ ᠠᠭᠤᠯᠨ

ᠬᠠᠶᠢᠷᠬᠠᠨ ᠤ ᠨᠠᠪᠳᠠᠭ ᠰᠠᠪᠳᠠᠭ ᠢ ᠲᠠᠭᠤᠳᠠᠨ ᠵᠠᠯᠪᠠᠷᠢᠵᠤ᠂ ᠶᠠᠯ᠎ᠠ ᠨᠢᠬᠦᠯ ᠠᠴᠠ ᠨᠢ ᠲᠠᠶᠢᠯᠬᠤ ᠶᠢ ᠬᠥᠰᠡᠳᠡᠭ᠃

ᠲᠡᠳᠡ ᠡᠷᠬᠡᠰ ᠠᠴᠠ ᠰᠥᠷᠳᠡᠩᠭᠦᠢ᠂ ᠲᠠᠷᠤᠤ ᠬᠢᠴᠢᠶᠡᠩᠭᠦᠢ ᠪᠥᠬᠡᠳ ᠴᠢᠯᠠᠭᠤᠳ ᠰᠢᠬ ᠥᠬᠡ ᠲᠠᠭᠤ ᠴᠥᠬᠡᠨᠳᠡᠢ

ᠪᠠᠶᠢᠪᠠ᠃

ᠡᠶᠢᠮᠥᠷᠬᠦᠦ ᠬᠥᠮᠥᠰ ᠬᠠᠶᠢᠷᠤᠪ ᠪᠠᠭᠠᠳᠤᠷ ᠤᠨ ᠬᠥᠨᠳᠥᠳᠬᠡᠯ ᠢ ᠤᠯᠵᠤ ᠪᠠᠶᠢᠯ᠎ᠠ᠃

335

ᠥᠬᠡ ᠥᠯᠥ ᠥᠴᠢᠬᠦ ᠶᠢ ᠮᠢᠨᠢ ᠠᠭᠤᠴᠢᠯᠠᠭᠳᠤᠨ᠃

        — ᠴᠢᠯᠠᠭᠤᠨ ᠬᠥᠮᠥᠨ ᠡᠳ᠋ ᠨᠤᠷᠠᠾ ᠶᠠᠵᠨ ᠬᠡᠮᠥᠨ ᠤ ᠰᠢᠯᠥᠭ ᠠᠴᠠ

ᠦᠷᠬᠦᠯᠵᠢᠯᠡᠯ ᠨᠢ ᠲᠠᠷᠠᠭ᠎ᠠ ᠪᠦᠯᠦᠭ ᠲᠤ

 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号