ᠴᠠᠭ ᠮᠥᠴᠠ
ᠨᠡᠶᠢᠲᠡᠯᠡᠭᠰᠡᠨ ᠴᠠᠭ᠄
2018-07-31
ᠬᠠᠷᠠᠨᠤᠳ ᠮᠦᠩᠬᠡᠵᠠᠶᠠᠭ᠎ᠠ        ᠲᠡᠭᠦᠨ ᠲᠠᠢ ᠪᠢ ᠨᠢᠭᠤᠯᠴᠠᠨ ᠲᠤᠭᠯᠠᠵᠤ        ᠲᠡᠭᠦᠨ ᠠᠴᠠ ᠪᠢ ᠤᠷᠭᠤᠨ ᠵᠢᠭᠤᠳᠠᠵᠤ        ᠪᠡᠷᠭᠡ ᠬᠤᠯᠨ  ᠰᠡᠳᠭᠢᠬᠦᠢ ᠴᠤ ᠬᠥᠷᠥᠭᠡ ᠥᠬᠡᠢ ᠭᠠᠵᠠᠷ ᠢᠶᠠᠷ      ᠪᠡᠳᠡᠷᠢᠨ ᠲᠡᠨᠤᠵᠤ ᠤᠯᠠᠨ ᠵᠢᠯ ᠶᠠᠪᠤᠯ᠎ᠠ        ᠬᠥᠷᠥᠭᠰᠡᠨ ᠭᠠᠵᠠᠷ ᠮᠢᠨᠢ ᠥᠨᠥᠬᠢ ᠲᠠᠭᠠᠯᠳᠤᠨ ᠬᠥᠢᠴᠡᠵᠤ      ᠬᠤᠷᠴᠠ ᠢᠯᠳᠥ ᠪᠠᠷ ᠢᠶᠠᠨ ᠠᠭᠠᠷ ᠢ ᠴᠠᠪᠴᠢᠨ ᠬᠠᠨᠭ᠍ᠭᠢᠨᠠᠭᠤᠯᠤᠭᠰᠠᠭᠠᠷ      ᠬᠥᠭᠰᠡᠭᠦᠥ ᠰᠠᠭᠰᠠᠭᠤ ᠪᠠᠷᠢᠮᠠᠯᠴᠢᠨ ᠰᠢᠭ᠋ ᠢᠶᠠᠷ        ᠬᠥᠭᠰᠢᠷᠡᠬᠦ ᠲᠥᠷᠢ ᠶᠢ ᠮᠢᠨᠢ ᠱᠤᠭᠤᠭᠰᠠᠭᠠᠷ ᠪᠠᠶᠢᠨ᠎ᠠ      ᠵᠠᠭᠤᠷᠠᠳᠤ ᠶᠢᠨ ᠶᠠᠭᠤᠮ᠎ᠠ ᠶᠢ      ᠡᠬᠦᠷᠢᠳᠡ ᠶᠢᠨ ᠪᠤᠯᠭᠠᠨ ᠴᠠᠪᠴᠢᠵᠤ      ᠵᠡᠬᠦᠳᠥ ᠶᠢ ᠮᠢᠨᠢ ᠴᠤ ᠲᠡᠷᠨ      ᠬᠤᠷᠤᠮ ᠠᠯᠳᠠᠯ ᠥᠬᠡᠢ ᠰᠡᠶᠢᠯᠥᠭᠰᠡᠭᠡᠷ ᠪᠠᠶᠢᠨ᠎ᠠ        ᠠᠬᠢᠭᠠᠳ ᠶᠡᠷᠥ ᠬᠤᠪᠢᠷᠠᠬᠤ ᠪᠠᠨ ᠪᠤᠯᠢᠭᠰᠠᠨ ᠲᠡᠷᠨ ᠱᠤᠭᠤᠮᠠᠯ ᠤᠳ      ᠠᠶᠠᠨ ᠤ ᠮᠢᠨᠢ ᠬᠤᠳᠠ ᠶᠢᠨ  ᠴᠡᠴᠡᠷᠯᠢᠭ ᠪᠥᠬᠦᠨ ᠳᠤ ᠪᠤᠰᠤᠭᠰᠠᠭᠠᠷ ᠪᠠᠶᠢᠨ᠎ᠠ        ᠲᠠᠭᠤᠰᠤᠰᠢ ᠥᠬᠡᠢ ᠠᠶᠠᠨ ᠤ ᠮᠥᠡᠭᠭᠡ ᠶᠢᠨ ᠴᠢᠨᠠᠷ ᠢ ᠮᠡᠳᠡᠭᠦᠯᠵᠥ      ᠲᠠᠭᠤᠤ ᠶᠢ ᠮᠢᠨᠢ ᠲᠡᠷᠨ ᠰᠠᠯᠬᠢ ᠲᠠᠢ ᠬᠤᠪᠯᠠᠨ      ᠬᠡᠯᠳᠡᠯᠡᠵᠤ ᠬᠤᠯᠳᠤᠯᠠᠭᠰᠠᠭᠠᠷ ᠪᠠᠶᠢᠨ᠎ᠠ      ᠠᠯᠵᠠᠭᠤᠷᠠᠨ ᠬᠡᠪᠳᠡᠬᠦ ᠳᠤ ᠰᠤᠷᠤᠨ ᠲᠠᠰᠢᠭᠤᠷ ᠢᠶᠠᠷ ᠤᠷᠢᠶᠠᠯᠭᠠᠵᠤ      ᠠᠯᠳᠠᠭᠤᠯ ᠮᠠᠯ ᠰᠢᠭ᠋  ᠨᠠᠮ᠎ᠠ ᠶᠢ ᠲᠡᠷᠨ      ᠥᠬᠦᠯ ᠤᠨ ᠬᠠᠰᠢᠶᠠᠨ ᠲᠡᠰᠢ  ᠲᠠᠭᠤᠭᠰᠠᠭᠠᠷ ᠪᠠᠶᠢᠨ᠎ᠠ          ᠲᠡᠭᠦᠨ ᠳᠤ ᠪᠢ ᠡᠴᠥᠰ ᠲᠡᠭᠡᠨ ᠬᠥᠢᠴᠡᠭᠳᠡᠵᠤ      ᠲᠡᠭᠦᠨ ᠲᠠᠢ ᠪᠢ ᠤᠷᠠᠯᠴᠠᠨ ᠵᠢᠭᠤᠷᠠᠯᠳᠤᠵᠤ      ᠪᠡᠷᠭᠡ ᠬᠤᠯᠨ      ᠰᠡᠳᠬᠢᠬᠦᠢ ᠶᠢᠨ ᠴᠢᠨᠠᠳᠤ ᠬᠢᠵᠠᠭᠠᠷ ᠲᠡᠭᠡᠷ᠎ᠡ      ᠪᠡᠭᠡᠷᠡᠭᠰᠡᠨ ᠡᠪᠥᠳᠥᠭ ᠢᠶᠠᠨ  ᠲᠡᠭᠦᠨ ᠤ ᠥᠯᠮᠡᠢ ᠳᠤ ᠨᠤᠭᠤᠯᠤᠯ᠎ᠠ        ᠥᠬᠦᠯ ᠢ ᠴᠤ ᠡᠰᠡ ᠤᠶᠢᠰᠢᠶᠠᠨ      ᠤᠮᠤᠭᠯᠠᠩ ᠶᠠᠪᠤᠭᠰᠠᠨ ᠨᠡᠮ᠎ᠡ ᠶᠢ        ᠥᠬᠡ ᠰᠢᠯᠥᠭ ᠲᠠᠭᠤᠤ ᠲᠠᠢ ᠮᠢᠨᠢ ᠴᠤᠭ      ᠥᠨᠡᠨ ᠤ ᠭᠠᠵᠠᠷ ᠤᠷᠬᠢᠵᠤ      ᠡᠴᠥᠰ ᠲᠡᠭᠦᠰᠭᠡᠯ ᠥᠬᠡᠢ ᠠᠶᠠᠨ ᠳᠠᠭᠠᠨ ᠲᠡᠷᠨ      ᠨᠡᠮ᠎ᠡ ᠶᠢ ᠬᠠᠶᠠᠨ ᠤᠳᠪᠠ        ᠡᠴᠥᠰ ᠤᠨ ᠨᠢᠬᠡ ᠱᠤᠭᠤᠮᠠᠯ ᠨᠢ      ᠪᠢ ᠥᠪᠡᠷ ᠢᠶᠠᠨ ᠶᠤᠮᠰᠠᠨᠵᠠᠢ                                                                
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号