ᠴᠠᠭ ᠤᠨ ᠬᠡᠯᠪᠡᠷᠢ
ᠨᠡᠶᠢᠲᠡᠯᠡᠭᠰᠡᠨ ᠴᠠᠭ᠄
2018-07-31
ᠬᠠᠷᠠᠨᠤᠳ ᠮᠦᠩᠬᠡᠵᠠᠶᠠᠭ᠎ᠠ      ᠴᠠᠷᠴᠠᠭᠰᠠᠨ ᠠᠭᠠᠷ ᠲᠤ      ᠴᠠᠭ ᠮᠥᠴᠠ ᠶᠢᠨ ᠥᠬᠦᠯᠡᠰᠢ ᠥᠬᠡᠢ ᠨᠠᠷᠢᠯᠢᠭ ᠱᠤᠭᠤᠮᠠᠯ ᠤᠳ ᠬᠥᠪᠪᠥᠵᠡᠢ      ᠥᠬᠦᠯᠡᠰᠢ ᠥᠬᠡᠢ ᠤᠨᠤᠪᠴᠢ ᠶᠢᠨ ᠬᠡᠮᠵᠢᠶ᠎ᠠ ᠨᠢ ᠭᠠᠷ ᠡᠰᠬᠡᠨ᠎ᠡ                  ᠴᠠᠭ ᠮᠢᠨᠥ᠋ᠲ ᠤᠨ ᠬᠤᠷᠴᠠ ᠰᠡᠯᠡᠮ᠎ᠡ      ᠲᠤᠷᠭᠠᠨ ᠢᠷ ᠢᠶᠠᠷ ᠢᠶᠠᠨ ᠰᠢᠷᠪᠢᠵᠤ      ᠲᠤᠭᠤᠢ ᠲᠥᠷᠪᠡᠯᠵᠢᠨ ᠭᠤᠷᠪᠠᠯᠵᠢᠨ      ᠶᠠᠩᠵᠤ ᠶᠠᠩᠵᠤ ᠶᠢᠨ ᠤᠷᠤᠨ ᠵᠠᠢ ᠶᠢ ᠪᠥᠳᠥᠬᠡᠨ᠎ᠡ                    ᠡᠷᠳᠡᠨ ᠤ ᠫᠢᠯᠨ ᠶᠢᠨ ᠢᠷᠤᠭᠠᠷ ᠲᠤ ᠰᠡᠶᠢᠯᠥᠭᠰᠡᠨ      ᠨᠢᠬᠡ ᠵᠢᠭᠠᠰᠤ ᠠᠮᠢᠯᠠᠵᠤ      ᠡᠨ᠋ᠨ ᠡᠳᠥᠷ ᠬᠡᠳᠥᠨ ᠪᠤᠯᠬᠤ ᠶᠢ ᠨᠢᠳᠤ ᠪᠥᠯᠳᠡᠶᠢᠯᠬᠡᠨ ᠪᠤᠳᠤᠨ᠎ᠠ      ᠲᠡᠷᠨ ᠵᠢᠭᠠᠰᠤ ᠠᠭᠠᠷ ᠲᠤ ᠬᠥᠪᠪᠥᠯᠵᠡᠭᠰᠡᠭᠡᠷ      ᠲᠤᠯᠤᠭᠠᠢ ᠥᠬᠡᠢ ᠪᠠᠳᠠᠭᠠᠨ᠎ᠠ ᠰᠢᠭ᠋ ᠠᠳᠡ ᠲᠡᠨᠳᠡ ᠮᠥᠷᠬᠦᠯᠬᠢᠯᠡᠨ      ᠠᠯᠤᠰ ᠤᠨ ᠠᠭᠤᠯᠠᠨ ᠲᠡᠭᠡᠭᠦᠷ ᠰᠡᠬᠦᠯ ᠬᠠᠶᠠᠯᠠᠨ ᠤᠳᠴᠠᠢ      ᠡᠷᠪᠡᠯᠵᠡᠭᠰᠡᠨ ᠲᠥᠷᠢ ᠨᠢ ᠤᠢ ᠲᠤᠢ ᠠᠴᠠ ᠠᠷᠢᠯᠤᠭᠰᠠᠨ ᠠᠳᠠᠯ᠎ᠠ      ᠵᠡᠷᠬᠡᠯᠬᠡᠨ ᠴᠤᠭᠤᠴᠢᠨ ᠤᠳᠬᠤ ᠴᠢᠮᠡᠭᠡ ᠨᠢ ᠰᠤᠨᠤᠰᠳᠠᠨ᠎ᠠ                    ᠠᠯᠳᠠᠢ ᠶᠢᠨ ᠠᠭᠤᠯᠠᠨ ᠤ ᠬᠠᠳᠠᠨ ᠵᠢᠷᠤᠭ ᠲᠡᠭᠡᠷ᠎ᠡ      ᠮᠢᠨᠤ ᠲᠥᠷᠢ ᠰᠡᠶᠢᠯᠥᠬᠡᠰᠥᠳᠡᠢ      ᠡᠨ᠋ᠨ ᠥᠶ᠎ᠡ ᠳᠤ᠂ ᠶᠠᠭ ᠯᠨ ᠡᠨ᠋ᠨ ᠥᠶ᠎ᠡ ᠳᠤ      ᠡᠷᠢᠶᠡᠨ ᠴᠢᠷᠠᠢ ᠲᠠᠢ ᠨᠢᠬᠡ ᠡᠷᠳᠡᠨ ᠤ ᠬᠥᠮᠥᠨ      ᠴᠠᠷᠴᠠᠨ ᠬᠥᠯᠳᠡᠭᠰᠡᠨ ᠴᠠᠭ ᠮᠥᠴᠠ ᠶᠢᠨ ᠴᠠᠭᠠᠨ᠎ᠠ ᠠᠴᠠ      ᠴᠢᠷᠠᠢ ᠶᠢ ᠮᠢᠨᠢ ᠴᠤᠭᠤ ᠰᠢᠷᠳᠡᠵᠤ      ᠲᠥᠷᠢ ᠶᠢ ᠮᠢᠨᠢ ᠬᠠᠳᠠᠨ ᠲᠡᠭᠡᠷ᠎ᠡ ᠰᠢᠷᠢᠨ᠎ᠡ      ᠮᠤᠷᠢᠨ ᠬᠤᠭᠤᠷ ᠤᠨ ᠬᠢᠯᠭᠠᠰᠤᠨ ᠲᠡᠭᠡᠷ᠎ᠡ      ᠬᠠᠷ᠎ᠠ ᠴᠠᠭᠠᠨ ᠬᠤᠶᠠᠷ ᠤᠨᠠᠭ᠎ᠠ ᠵᠡᠬᠦᠷᠮᠡᠭᠯᠡᠵᠤ ᠪᠠᠶᠢᠨ᠎ᠠ      ᠬᠤᠷᠤᠭᠤᠨ ᠥᠨᠳᠡᠭᠡ ᠬᠥᠷᠥᠰᠬᠢᠬᠦ ᠶᠢᠨ ᠲᠡᠳᠥᠢ ᠰᠤᠴᠢᠨ ᠰᠡᠷᠢᠵᠤ      ᠴᠠᠰᠬᠢᠭᠰᠠᠨ ᠨᠢᠯᠬ᠎ᠠ ᠬᠤᠨᠭ᠍ᠭᠤᠷ ᠲᠠᠭᠤᠨ ᠢᠶᠠᠷ ᠢᠨᠴᠠᠭᠠᠨ᠎ᠠ      ᠴᠠᠷᠴᠠᠭᠰᠠ ᠠᠭᠠᠷ ᠲᠠᠬᠢ      ᠡᠬᠦᠯᠡᠨ ᠳᠤ ᠴᠤᠭᠯᠠᠭᠰᠠᠨ ᠤᠨᠠᠭᠤᠯᠢ ᠳᠤ      ᠰᠢᠪᠠᠭᠤᠳ ᠤᠨᠠᠵᠤ      ᠲᠠᠷᠠᠭ᠎ᠠ ᠬᠠᠪᠤᠷ ᠤᠨ ᠴᠠᠰᠤ ᠬᠡᠰᠬᠦ ᠴᠠᠭ ᠢᠶᠠᠷ      ᠬᠡᠨᠡᠳᠳᠡᠬᠡᠨ ᠭᠠᠷᠴᠤ ᠢᠷᠡᠨ᠎ᠡ      ᠮᠢᠨᠤ ᠭᠠᠷ ᠲᠠᠬᠢ ᠨᠢᠬᠡ ᠬᠡᠰᠡᠭ ᠡᠬᠦᠯᠨ      ᠫᠥᠰᠬᠢᠳᠡᠯ᠎ᠡ ᠲᠡᠯᠪᠡᠷᠡᠪᠡ      ᠨᠠᠷᠨ ᠨᠤᠭᠤᠭᠠᠨ ᠥᠡᠭᠭᠡᠳᠥ ᠬᠡᠷᠡᠯ ᠢᠶᠠᠷ ᠢᠶᠠᠨ      ᠮᠤᠳᠤᠨ ᠨᠠᠪᠴᠢ ᠶᠢ ᠱᠤᠭᠤᠨ᠎ᠠ                  ᠪᠢ ᠡᠪᠥᠷ ᠲᠥᠬᠦᠷᠡᠩ ᠰᠠᠯᠬᠢ ᠲᠡᠪᠡᠷᠢᠭᠰᠡᠬᠡᠷ      ᠠᠭᠤᠯᠨ ᠥᠬᠡᠳᠡ ᠮᠠᠴᠤᠬᠤ ᠳᠤ      ᠰᠠᠯᠬᠢᠨ ᠤ ᠬᠥᠨᠳᠥ ᠪᠡᠶ᠎ᠡ ᠶᠢ ᠮᠢᠨᠢ ᠲᠠᠷᠤᠵᠠᠢ                    ᠥᠴᠥᠬᠡᠨ ᠭᠤᠨᠢᠬᠤ ᠴᠠᠭ ᠢᠶᠠᠷ      ᠤᠷᠵᠢᠳᠤᠷ ᠪᠤᠳᠤᠭᠳᠠᠵᠤ      ᠠᠭᠤᠷᠯᠠᠵᠤ ᠱᠤᠤᠬᠢᠨᠠᠭᠰᠠᠨ ᠬᠥᠮᠥᠰ      ᠬᠠᠵᠠᠭᠤ ᠪᠠᠷ ᠬᠥᠷᠴᠢᠬᠢᠨᠡᠵᠤ ᠭᠠᠷᠤᠨ᠎ᠠ      ᠪᠢ ᠴᠠᠭ ᠮᠥᠴᠠ ᠶᠢᠨ ᠢᠷᠤᠭᠠᠯ  ᠎ ᠳᠤ ᠬᠡᠪᠳᠡᠨ᠎ᠡ      ᠪᠢ  ᠲᠥᠯᠡᠢ ᠵᠢᠭᠠᠰᠤ ᠰᠢᠭ᠋      ᠴᠠᠭ ᠮᠥᠴᠡ ᠶᠢᠨ ᠢᠷᠤᠭᠠᠯ ᠳᠤ ᠬᠡᠪᠳᠡᠨ᠎ᠡ      ᠠᠭᠠᠷ ᠲᠤ ᠬᠥᠪᠬᠦ ᠬᠠᠯᠢᠮᠤ      ᠠᠷᠭ᠎ᠠ ᠶᠠᠳᠠᠭᠰᠠᠨ ᠨᠢᠳᠤ ᠪᠠᠷ ᠨᠡᠮ᠎ᠡ ᠶᠢ ᠰᠢᠷᠳᠡᠵᠤ      ᠪᠤᠰᠬᠤ ᠴᠠᠭ ᠴᠢᠨᠢ ᠪᠤᠯᠤᠭᠰᠠᠨ ᠰᠢᠤ ᠬᠡᠨ᠎ᠡ      ᠪᠢ ᠪᠤᠰᠤᠶ᠎ᠠ ᠬᠡᠬᠦᠯᠡᠷ      ᠬᠡᠢ ᠠᠭᠠᠷ ᠨᠡᠮ᠎ᠡ ᠶᠢ ᠲᠠᠷᠤᠵᠠᠢ      ᠪᠢ ᠤᠷᠤᠨ ᠳᠠᠭᠠᠨ ᠬᠡᠪᠳᠡᠭᠰᠡᠬᠡᠷ      ᠬᠡᠢ ᠠᠭᠠᠷ ᠰᠡᠶᠢᠷᠡᠭᠵᠢᠬᠦ ᠶᠢ ᠬᠥᠯᠢᠶᠡᠨ᠎ᠡ      ᠭᠤᠷᠤᠬ᠎ᠠ ᠡᠬᠦᠷ ᠲᠤᠳᠤᠷ᠎ᠠ ᠪᠠᠨ ᠱᠤᠯᠤᠭᠠᠨᠠᠨ᠎ᠠ      ᠲᠡᠶᠢᠮᠥ ᠨᠢᠯᠬ᠎ᠠ ᠲᠠᠭᠤ      ᠨᠡᠮ᠎ᠡ ᠶᠢ ᠵᠤᠨ ᠤ ᠵᠢᠷᠭᠤᠭᠠᠨ ᠰᠠᠷ᠎ᠠ ᠳᠤ ᠠᠪᠠᠴᠢᠵᠠᠢ                  ᠵᠢᠷᠭᠤᠭᠠᠨ ᠰᠠᠷ᠎ᠠ      ᠰᠢᠪᠠᠭᠤᠳ ᠤᠨ ᠲᠠᠭᠤᠨ      ᠨᠠᠭᠤᠷ ᠢ ᠪᠤᠴᠠᠯᠭᠠᠨ᠎ᠠ      ᠨᠠᠭᠤᠷ ᠰᠢᠪᠠᠭᠤᠳ ᠤᠨ ᠡᠯᠢᠬᠡᠨ ᠲᠤᠤᠷ᠎ᠠ ᠪᠤᠴᠠᠯᠤᠨ᠎ᠠ      ᠬᠤᠨ ᠰᠢᠪᠠᠭᠤᠳ ᠴᠠᠢ ᠶᠢᠨ ᠲᠡᠪᠥᠷ᠎ᠡ ᠰᠢᠭ      ᠠᠮᠠᠨ ᠠᠴᠠ ᠪᠠᠨ ᠠᠭᠤᠷ ᠥᠯᠢᠶᠡᠨ᠎ᠡ      ᠡᠷᠬᠢ ᠶᠢᠨ ᠴᠠᠭᠠᠨ᠎ᠠ ᠬᠠᠷᠠᠩᠭᠤᠢ ᠬᠡᠪ ᠢᠶᠠᠷ      ᠴᠡᠴᠡᠬᠡᠰ ᠵᠡᠬᠦᠳᠥᠨ ᠳᠡᠭᠡᠨ      ᠵᠢᠷᠭᠤᠭᠠᠨ ᠰᠠᠷ᠎ᠠ ᠴᠡᠴᠡᠬᠡᠰ ᠤᠨ ᠵᠡᠬᠦᠳᠥ      ᠴᠤᠩᠬᠤᠨ ᠰᠢᠯ ᠲᠡᠭᠡᠷ᠎ᠡ ᠲᠡᠯᠬᠡᠷᠡᠨ᠎ᠡ      ᠴᠤᠩᠬᠤᠨ ᠰᠢᠯ ᠡᠪᠥᠯ ᠢᠶᠠᠷ ᠢᠶᠠᠨ      ᠬᠡᠥᠬᠡᠳ ᠨᠢ ᠴᠠᠭᠠᠨ ᠰᠠᠷ᠎ᠠ ᠶᠢ ᠬᠥᠯᠢᠶᠡᠵᠤ      ᠫᠤᠤᠵᠢᠩ ᠰᠢᠭ᠋ ᠲᠡᠯᠪᠡᠷᠡᠨ᠎ᠡ                      ᠬᠡᠢ ᠠᠭᠠᠷ ᠲᠡᠭᠡᠷ᠎ᠡ      ᠬᠥᠮᠥᠨ ᠤ ᠠᠩᠭᠠᠶᠢᠭᠰᠠᠨ ᠠᠮᠨ      ᠵᠡᠬᠦᠳᠥᠨ ᠡᠬᠦᠳᠡ ᠪᠤᠯᠤᠨ᠎ᠠ      ᠲᠡᠭᠦᠨ ᠤ ᠴᠠᠭᠠᠬᠠᠨ ᠰᠢᠳᠤ      ᠮᠥᠷᠥᠯᠡᠵᠤ ᠵᠤᠭᠰᠤᠭᠰᠠᠨ ᠬᠠᠷᠠᠭᠤᠯ ᠤᠨ ᠴᠡᠷᠢᠭ ᠰᠢᠭ      ᠵᠠᠷᠢᠮ ᠤᠨ ᠬᠢᠨᠢ ᠲᠤᠯᠤᠭᠠᠢ ᠲᠤᠷᠤᠭᠰᠢ ᠲᠡᠭᠦᠵᠢᠯᠡᠭᠳᠡᠨ᠎ᠡ      ᠠᠯᠵᠢᠭᠤᠰᠤ ᠮᠤᠳᠤᠨ ᠠᠴᠠ ᠲᠡᠭᠦᠵᠢᠯᠡᠭᠳᠡᠨ ᠤᠨᠳᠠᠭᠰᠠᠭᠠᠷ      ᠲᠡᠭᠦᠨ ᠤ ᠵᠡᠬᠦᠳᠥᠨ ᠳᠤ      ᠡᠨ᠋ᠨ ᠲᠡᠯᠡᠬᠡᠢ ᠴᠥᠮ ᠲᠤᠩᠭᠤᠷᠤᠤ      ᠮᠤᠳᠤᠨ ᠰᠠᠯᠠᠭ᠎ᠠ ᠪᠤᠯ ᠥᠨᠳᠥᠰᠥ ᠨᠢ      ᠨᠠᠪᠴᠢᠰ ᠪᠤᠯ ᠬᠥᠶᠥᠬᠡᠨ ᠳᠡᠭᠡᠨ ᠪᠠᠶᠢᠭ᠎ᠠ ᠨᠢᠮᠬᠡᠬᠡᠨ ᠬᠤᠯᠤᠭᠠᠨ᠎ᠠ      ᠮᠤᠳᠤᠨ ᠥᠨᠳᠥᠰᠥ ᠬᠠᠷᠢᠨ ᠬᠥᠮᠥᠨ ᠤ ᠲᠠᠷᠢᠬᠢ ᠶᠢ ᠴᠤᠭᠤᠯᠤᠨ ᠤᠷᠭᠤᠨ᠎ᠠ      ᠮᠢᠨᠤ ᠲᠠᠷᠢᠬᠢᠨ ᠳᠤ ᠰᠠᠭᠯᠠᠭᠠᠷ ᠮᠤᠳᠤ ᠪᠤᠢ      ᠴᠢᠰᠤ ᠲᠠᠷᠢᠬᠢᠨ ᠰᠤᠳᠠᠯ ᠢᠶᠠᠷ ᠬᠥᠶᠥᠯᠳᠥᠨ᠎ᠡ      ᠲᠡᠭᠦᠨ ᠤ ᠤᠷᠤᠰᠬᠠᠯ ᠡᠴᠥᠰ ᠲᠡᠭᠡᠨ ᠨᠡᠯᠥᠬᠡᠷ ᠲᠠᠯᠠᠢ ᠳᠤ ᠴᠢᠳᠬᠤᠨ᠎ᠠ      ᠨᠡᠯᠥᠬᠡᠷ ᠲᠠᠯᠠᠢ ᠪᠤᠯ ᠨᠢᠬᠡ ᠵᠤᠶᠢᠯ ᠤᠨ      ᠴᠠᠭ ᠤᠨ ᠬᠡᠯᠪᠡᠷᠢ      ᠡᠰᠡᠬᠦᠯ᠎ᠡ ᠪᠢ ᠪᠤᠯ ᠨᠢᠬᠡ ᠵᠤᠶᠢᠯ ᠤᠨ      ᠴᠠᠭ ᠤᠨ ᠬᠡᠯᠪᠡᠷᠢ      ᠴᠠᠷᠴᠠᠭᠰᠠᠨ ᠠᠭᠠᠷ ᠬᠡᠨᠡᠳᠳᠡ ᠬᠡᠰᠬᠦ ᠳᠤ      ᠪᠤᠢ ᠪᠥᠬᠦᠢ ᠵᠤᠶᠢᠯ ᠬᠥᠯᠳᠡᠨ᠎ᠡ      ᠪᠢ ᠮᠥᠨ ᠯᠨ ᠴᠠᠭ ᠮᠥᠴᠡ ᠶᠢᠨ ᠢᠷᠤᠭᠠᠯ ᠳᠤ ᠬᠡᠪᠳᠡᠭᠰᠡᠭᠡᠷ      ᠬᠥᠳᠡᠯᠵᠥ ᠲᠡᠶᠢᠯᠬᠦ ᠥᠬᠡᠢ ᠬᠥᠯᠳᠡᠨ᠎ᠡ      ᠪᠢ ᠮᠥᠨ ᠯᠨ ᠴᠠᠭ ᠮᠥᠴᠠ ᠬᠡᠰᠬᠦ ᠶᠢ ᠬᠥᠯᠢᠶᠡᠨ᠎ᠡ      ᠮᠢᠨᠤ ᠬᠥᠯᠢᠶᠡᠭᠰᠡᠨ ᠵᠤᠶᠢᠯ ᠬᠡᠵᠢᠶ᠎ᠡ ᠴᠤ ᠢᠷᠡᠬᠦ ᠥᠬᠡᠢ      ᠪᠢ ᠵᠥᠪᠬᠡᠨ ᠴᠠᠭ ᠮᠥᠴᠠ ᠡᠷᠬᠢᠵᠤ ᠤᠷᠴᠢᠬᠤ ᠶᠢ ᠯᠨ ᠮᠡᠳᠡᠨ᠎ᠡ      ᠴᠠᠭ ᠮᠥᠴᠠ ᠬᠥᠯᠳᠡᠭᠰᠡᠨ ᠤ ᠲᠠᠷᠠᠭ᠎ᠠ ᠲᠠᠬᠢᠨ ᠬᠡᠰᠥᠨ᠎ᠡ      ᠬᠡᠰᠪᠡᠯ ᠲᠠᠬᠢᠨ ᠬᠥᠯᠳᠡᠨ᠎ᠡ                      ᠬᠥᠮᠥᠨ ᠲᠥᠷᠥᠯᠬᠢᠳᠡᠨ ᠡᠴᠥᠰ ᠲᠡᠭᠡᠨ      ᠨᠢᠬᠡ ᠵᠤᠶᠢᠯ ᠤᠨ ᠵᠥᠪ ᠬᠡᠯᠪᠡᠷᠢ ᠪᠠᠷ ᠴᠠᠭ ᠮᠥᠴᠠ ᠶᠢ ᠲᠥᠰᠥᠬᠡᠯᠡᠵᠡᠢ      ᠴᠠᠭ ᠮᠥᠴᠠ ᠪᠤᠯ ᠲᠤᠭᠤᠢ ᠶᠤᠮ                            
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号