ᠥᠷᠯᠥᠬᠡ
ᠨᠡᠶᠢᠲᠡᠯᠡᠭᠰᠡᠨ ᠴᠠᠭ᠄
2018-05-23
                ᠥᠷᠯᠥᠬᠡ    ᠥᠷᠯᠥᠬᠡᠨ ᠤ    ᠲᠤᠪ ᠲᠤᠩᠭᠠᠯᠠᠭ ᠬᠥᠨᠳᠤ ᠶᠢ    ᠡᠪᠡᠰᠥᠨ ᠨᠠᠮᠠᠭ᠎ᠠ ᠡᠷᠬᠦᠵᠤ    ᠤᠰᠤᠨ ᠪᠥᠮᠪᠥᠬᠡᠯᠢᠭ ᠭᠠᠵᠠᠷ ᠪᠤᠯᠭᠠᠨ ᠳᠤ      ᠲᠠᠭᠤᠤ ᠠᠶᠠᠯᠤᠨ᠎ᠠ      ᠡᠬᠡ ᠭᠠᠵᠠᠷ ᠢ ᠪᠢᠳᠡᠬᠦᠯᠡᠨ ᠲᠠᠷᠤᠭᠰᠠᠨ      ᠠᠷᠪᠢᠨ ᠨᠤᠭᠤᠭᠠᠨ ᠬᠤᠷᠤᠭᠤᠳ ᠤᠨ ᠲᠡᠭᠡᠷ᠎ᠡ      ᠠᠯᠮᠠᠰ ᠰᠢᠬᠢᠳᠭᠡᠷᠢ ᠬᠢᠯᠠᠯᠵᠠᠵᠤ    ᠬᠠᠷᠠᠩᠭᠤᠢ ᠠᠯᠠᠭᠠᠨ ᠤ ᠬᠢᠨᠢ ᠬᠥᠨ ᠠᠴᠠ    ᠠᠯᠳᠠᠨ ᠴᠤᠬᠤ ᠨᠢᠰᠥᠯᠳᠥᠨ᠎ᠡ    ᠲᠡᠭᠷᠢ ᠶᠢᠨ ᠲᠤᠩᠭᠠᠯᠠᠭ ᠰᠡᠬᠦᠳᠡᠷ      ᠴᠡᠬᠡᠯ ᠤᠨ ᠢᠶᠠᠨ ᠬᠥᠨ ᠳᠤ ᠴᠡᠩᠭᠡᠷᠳᠥᠨ᠎ᠡ      ᠥᠷᠯᠥᠬᠡ      ᠥᠰᠥ ᠨᠤᠤᠰᠤ ᠪᠠᠨ ᠰᠡᠭᠰᠥᠴᠢᠵᠥ    ᠠᠯᠠᠭᠠᠨ ᠲᠡᠭᠡᠷ᠎ᠡ ᠮᠢᠨᠢ ᠲᠤᠪ ᠲᠤᠩᠭᠠᠯᠠᠭ ᠥᠨᠳᠡᠬᠡᠯᠡᠵᠡᠢ    ᠰᠢᠨ᠎ᠡ ᠨᠢᠬᠡᠨ ᠥᠷᠯᠥᠬᠡ ᠲᠡᠭᠦᠨ ᠤ ᠲᠤᠳᠤᠷ᠎ᠠ ᠡᠬᠦᠰᠥᠨ ᠪᠥᠷᠢᠯᠳᠥᠬᠦ ᠨᠢ ᠥᠵᠡᠭᠳᠡᠨᠡᠮ    ᠴᠡᠪᠡᠷ ᠮᠥᠷᠳᠡᠭᠡᠨ ᠴᠢᠮᠬᠢᠬᠦ ᠲᠡᠳᠥᠢ ᠳᠤ ᠡᠪᠳᠡᠷᠡᠬᠦ ᠨᠢ    ᠬᠥᠮᠥᠰ ᠤᠨ ᠠᠮᠢᠰᠬᠤᠭ᠎ᠠ ᠶᠢ ᠲᠠᠪᠬᠤᠴᠠᠭᠤᠯᠤᠨ᠎ᠠ    ᠬᠥᠮᠥᠰ ᠤᠨ ᠪᠤᠯᠭᠤᠮᠵᠢ ᠥᠬᠡᠢ ᠠᠴᠠ      ᠬᠤᠶᠠᠳᠤᠭᠠᠷ ᠡᠳᠥᠷ ᠤᠨ ᠥᠷᠯᠥᠬᠡ ᠪᠠᠨ      ᠬᠠᠷᠠᠩᠭᠤᠢ ᠲᠤᠳᠤᠷ᠎ᠠ ᠥᠡᠭᠭᠡᠷᠡᠭᠡᠭᠦ ᠨᠢ ᠡ      ᠮᠤᠳᠤᠳ ᠥᠪᠡᠷ ᠤᠨ ᠨᠤᠭᠤᠭᠠᠨ ᠮᠠᠨᠠᠨ ᠳᠠᠭᠠᠨ ᠤᠷᠢᠶᠠᠭᠳᠠᠵᠠᠢ      ᠥᠷᠯᠥᠬᠡ ᠲᠡᠭᠦᠨ ᠢ ᠥᠯᠥ ᠥᠵᠡᠭᠳᠡᠭᠦ    ᠬᠡᠷᠡᠯ ᠤᠨ ᠭᠠᠷ ᠢᠶᠠᠷ ᠢᠶᠠᠨ ᠲᠡᠪᠡᠷᠢᠨ᠎ᠠ    ᠥᠷᠯᠥᠬᠡ ᠬᠥᠪᠡᠬᠦᠳ ᠢᠶᠠᠨ    ᠤᠷᠭᠤᠮᠠᠯ ᠪᠥᠬᠦᠨ ᠳᠤ ᠬᠥᠷᠳᠡᠭᠡᠭᠦ ᠳᠡᠭᠡᠨ    ᠴᠢᠯᠬᠢᠨᠡᠮ᠎ᠡ ᠰᠡᠷᠢᠬᠦᠨ ᠥᠬᠡ ᠶᠠᠷᠢᠶ᠎ᠠ ᠪᠠᠷ    ᠡᠯᠳᠡᠪ ᠤᠨ ᠴᠡᠴᠡᠭ ᠲᠡᠯᠭᠡᠷᠡᠭᠦᠯᠥᠨ᠎ᠡ      ᠥᠷᠯᠥᠬᠡᠨ ᠤ ᠬᠥᠪᠡᠬᠦᠳ ᠬᠤᠳᠠᠨ ᠤ ᠲᠡᠨᠳᠡ ᠠᠴᠠ    ᠬᠤᠨᠳᠠᠨ ᠥᠡᠭᠭᠡᠳᠥ ᠴᠡᠴᠡᠭ ᠤᠨ ᠲᠡᠨᠳᠡ ᠠᠴᠠ    ᠬᠤᠴᠠᠯᠳᠤᠨ ᠪᠥᠬᠡᠮᠨᠡᠷᠡᠯᠳᠥᠨ      ᠬᠤᠷᠭᠤᠭᠠᠵᠤ ᠨᠠᠳᠬᠤᠨ ᠡᠰᠢ ᠲᠠᠪᠬᠢᠨ᠎ᠠ                                                           ᠵᠤᠬᠢᠶᠠᠭᠴᠢ᠄ ᠮᠦᠩᠬᠡᠵᠠᠶᠠᠭ᠎ᠠ
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号