ᠴᠢᠩᠭᠢᠰ ᠤᠨ ᠰᠤᠷᠭᠠᠯ ᠦᠬᠡ
ᠨᠡᠶᠢᠲᠡᠯᠡᠭᠰᠡᠨ ᠴᠠᠭ᠄
2018-05-24
             ᠴᠢᠩᠭᠢᠰ ᠤᠨ ᠰᠤᠷᠭᠠᠯ ᠦᠬᠡ   ᠠᠯᠳᠠ ᠪᠡᠶ᠎ᠡ ᠮᠢᠨᠢ ᠠᠯᠵᠢᠶᠠᠪᠠᠰᠤ ᠠᠯᠵᠢᠶᠠᠲᠤᠭᠠᠢ   ᠠᠬᠤ ᠲᠦᠷᠦ ᠮᠢᠨᠤ ᠪᠤᠤ ᠠᠯᠳᠠᠷᠲᠤᠭᠠᠢ   ᠪᠦᠲᠦᠨ ᠪᠡᠶ᠎ᠡ ᠮᠢᠨᠢ ᠵᠤᠪᠠᠪᠠᠰᠤ ᠵᠤᠪᠠᠲᠤᠭᠠᠢ   ᠪᠦᠷᠢᠨ ᠤᠯᠤᠰ ᠮᠢᠨᠤ ᠪᠤᠤ ᠰᠠᠳᠠᠷᠲᠤᠭᠠᠢ᠃   ᠪᠦᠯᠬᠦᠮᠳᠡᠨ ᠨᠢᠭᠲᠠᠷᠠᠪᠠᠰᠤ ᠭᠦᠴᠦᠷᠭᠡᠭᠵᠢᠨ᠎ᠡ   ᠬᠠᠭᠠᠴᠠᠨ ᠰᠠᠯᠪᠠᠰᠤ ᠰᠦᠨᠦᠮᠦᠢ᠃   ᠲᠤᠮᠳᠠᠳᠣ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ   ᠪᠡᠶ᠎ᠡ ᠪᠠᠨ ᠵᠠᠰᠠᠵᠤ ᠴᠢᠳᠠᠪᠠᠰᠤ ᠭᠡᠷ ᠢᠶᠠᠨ ᠵᠠᠰᠠᠵᠤ ᠴᠢᠳᠠᠮᠤᠢ   ᠬᠡᠷ ᠢᠶᠠᠨ ᠵᠠᠰᠠᠵᠤ ᠴᠢᠳᠠᠪᠠᠰᠤ ᠤᠯᠤᠰ ᠢᠶᠠᠨ ᠵᠠᠰᠠᠵᠤ ᠴᠢᠳᠠᠮᠤᠢ᠃   ᠦᠪᠡᠷ ᠤᠨ ᠪᠡᠶ᠎ᠡ ᠶᠢ ᠤᠬᠠᠭᠠᠷᠠᠨ ᠮᠡᠳᠡᠪᠡᠰᠤ   ᠦᠭᠡᠷ᠎ᠡ ᠪᠤᠰᠤᠳ ᠢ ᠲᠤᠯᠢᠳᠠᠵᠤ ᠴᠢᠳᠠᠮᠤᠢ   ᠪᠡᠶ᠎ᠡ ᠪᠦᠭᠡ ᠪᠦᠭᠡᠰᠦ ᠭᠠᠭᠴᠠ ᠶᠢ ᠢᠯᠠᠶᠤ   ᠰᠡᠳᠬᠢᠯ ᠪᠦᠭᠡ ᠪᠤᠯᠪᠠᠰᠤ ᠤᠯᠠᠨ ᠢ ᠢᠯᠠᠶᠤ᠃   ᠦᠨᠢᠷ ᠬᠦᠮᠦᠨ ᠡᠪ ᠦᠭᠡᠢ ᠪᠤᠯᠪᠠᠰᠤ   ᠦᠨᠦᠴᠢᠨ ᠬᠦᠮᠦᠨ ᠤ ᠡᠯᠡᠭ ᠪᠤᠯᠬᠤ   ᠤᠯᠠᠨ ᠬᠦᠮᠦᠨ ᠡᠪ ᠦᠭᠡᠢ ᠪᠤᠯᠪᠠᠰᠤ   ᠤᠭᠤᠷᠴᠠᠭ ᠬᠦᠮᠦᠨ ᠤ ᠢᠳᠡᠰᠢ ᠪᠤᠯᠬᠤ᠃   ᠬᠤᠯᠠ ᠬᠡᠮᠡᠨ ᠪᠤᠤ ᠴᠦᠬᠦ ᠶᠠᠪᠤᠪᠠᠰᠤ ᠬᠦᠷᠦᠶᠦ   ᠬᠦᠨᠳᠦ ᠬᠡᠮᠡᠨ ᠪᠤᠤ ᠴᠦᠬᠦ ᠡᠷᠭᠦᠪᠡᠰᠦ ᠲᠠᠭᠠᠭᠠᠶᠤ᠃   ᠰᠠᠷᠠᠭᠤᠯ ᠤᠬᠠᠭᠠᠨ ᠠᠴᠠ ᠢᠯᠡᠬᠦᠦ   ᠰᠠᠶᠢᠨ ᠨᠦᠬᠦᠷ ᠪᠠᠶᠢᠳᠠᠭ ᠦᠭᠡᠢ   ᠮᠤᠩᠬᠠᠭ ᠬᠢᠯᠢᠩ ᠠᠴᠠ ᠢᠯᠡᠬᠦᠦ   ᠮᠠᠭᠤ ᠳᠠᠶᠢᠰᠦᠨ ᠪᠠᠶᠢᠳᠠᠭ ᠦᠭᠡᠢ᠃   ᠤᠯᠠᠨ ᠤ ᠲᠤᠳᠤᠷ᠎ᠠ ᠦᠭᠡ ᠪᠠᠨ ᠰᠢᠨᠵᠢ   ᠭᠠᠭᠴᠠᠭᠠᠷ ᠶᠠᠪᠤᠬᠤ ᠳᠤ ᠰᠡᠳᠬᠢᠯ ᠢᠶᠠᠨ ᠰᠢᠨᠵᠢ᠃
 
ᠢᠷᠡᠯᠲᠡ᠄ ᠲᠤᠮᠳᠠᠳᠣ ᠣᠯᠣᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号