| 1. ᠡᠾᠧᠯᠤᠷ ᠠᠭᠤᠯᠤᠭᠳᠠᠬᠤ ᠠᠷᠢᠭᠤᠳᠬᠠᠯ ᠤᠨ ᠰᠢᠩᠭᠡᠨ ᠢᠶᠠᠷ ᠫᠢᠯᠠ ᠰᠠᠪᠠ ᠪᠠ ᠵᠢᠮᠢᠰ ᠵᠡᠷᠭᠡ ᠶᠢ | ᠠᠷᠢᠭᠤᠳᠬᠠᠵᠤ ᠪᠣᠯᠣᠨ᠎ᠠ᠃ | 2. ᠡᠾᠧᠯᠤᠷ ᠤᠨ ᠳᠠᠪᠬᠤᠷ ᠢᠰᠦᠯ ᠠᠭᠤᠯᠤᠭᠳᠠᠬᠤ ᠠᠷᠢᠭᠤᠳᠬᠠᠯ ᠤᠨ ᠰᠢᠩᠭᠡᠨ ᠢᠶᠠᠷ ᠪᠣᠳᠠᠰ ᠤᠨ | ᠭᠠᠳᠠᠷᠭᠤ ᠪᠠ ᠤᠰᠤ᠂ ᠠᠭᠠᠷ ᠵᠡᠷᠭᠡ ᠶᠢ ᠠᠷᠢᠭᠤᠳᠬᠠᠵᠤ ᠪᠣᠯᠣᠨ᠎ᠠ᠃ ᠡᠶᠢᠮᠦᠷᠬᠦ ᠠᠷᠢᠭᠤᠳᠬᠠᠯ ᠤᠨ ᠰᠢᠩᠭᠡᠨ ᠨᠢ | ᠴᠠᠶᠢᠷᠠᠭᠤᠯᠬᠤ ᠦᠢᠯᠡᠳᠦᠯ ᠲᠠᠢ᠂ ᠲᠡᠭᠦᠨ ᠢᠶᠠᠷ ᠲᠡᠮᠦᠷᠯᠢᠭ ᠡᠳ᠋ ᠢ ᠠᠷᠢᠭᠤᠳᠬᠠᠵᠤ ᠪᠣᠯᠬᠤ ᠦᠭᠡᠢ᠂ ᠠᠷᠢᠭᠤᠳᠬᠠᠬᠤ | ᠦᠶ᠎ᠡ ᠳᠡᠭᠡᠨ ᠡᠷᠬᠡᠪᠰᠢ ᠪᠡᠭᠡᠯᠡᠢ ᠵᠡᠬᠦᠬᠦ ᠬᠡᠷᠡᠭᠲᠡᠢ ᠪᠥᠭᠡᠳ ᠪᠤᠰᠤᠳ ᠠᠷᠢᠭᠤᠳᠬᠠᠯ ᠤᠨ ᠰᠢᠩᠭᠡᠨ ᠲᠠᠢ ᠬᠠᠮᠲᠤ | ᠬᠡᠷᠡᠭᠯᠡᠵᠦ ᠪᠤᠯᠬᠤ ᠦᠭᠡᠢ᠃ | 3. ᠠᠯᠺᠦᠥᠯ ᠤᠨ ᠲᠦᠷᠦᠯ ᠤᠨ ᠠᠷᠢᠭᠤᠳᠬᠠᠯ ᠤᠨ ᠰᠢᠩᠭᠡᠨ ᠢᠶᠠᠷ ᠠᠷᠠᠰᠤ ᠮᠢᠬ᠎ᠠ ᠪᠠ ᠪᠣᠳᠠᠰ ᠤᠨ | ᠭᠠᠳᠠᠷᠭᠤ ᠶᠢ ᠠᠷᠢᠭᠤᠳᠬᠠᠵᠤ ᠪᠣᠯᠣᠨ᠎ᠠ᠂ ᠠᠮᠠᠷᠬᠠᠨ ᠰᠢᠲᠠᠬᠤ ᠤᠴᠢᠷ ᠠᠴᠠ ᠠᠭᠠᠷ ᠪᠤᠶᠤ ᠲᠤᠰᠤᠨ ᠤ ᠵᠦᠢᠯ ᠳᠤ | ᠠᠭᠤᠰᠬᠤ ᠪᠣᠳᠠᠰ ᠢ ᠠᠷᠢᠭᠤᠳᠬᠠᠵᠤ ᠪᠤᠯᠬᠤ ᠦᠭᠡᠢ᠃ | 4. ᠡᠩ ᠤᠨ ᠠᠷᠢᠭᠤᠳᠬᠠᠯ ᠤᠨ ᠰᠢᠩᠭᠡᠨ ᠢᠶᠠᠷ ᠣᠷᠴᠢᠨ ᠲᠣᠭᠤᠷᠢᠨ᠂ ᠪᠣᠳᠠᠰ ᠤᠨ ᠭᠠᠳᠠᠷᠭᠤ ᠵᠡᠷᠭᠡ ᠶᠢ | ᠠᠷᠢᠭᠤᠳᠬᠠᠵᠤ ᠪᠤᠯᠬᠤ ᠮᠥᠷᠲᠡᠭᠡᠨ ᠭᠠᠷ ᠢᠶᠠᠨ ᠴᠤ ᠠᠷᠢᠭᠤᠳᠬᠠᠵᠤ ᠪᠣᠯᠣᠨ᠎ᠠ᠃ | 5. ᠹᠡᠯᠤᠷ ᠠᠭᠤᠯᠤᠭᠳᠠᠬᠤ ᠠᠷᠢᠭᠤᠳᠬᠠᠯ ᠤᠨ ᠰᠢᠩᠭᠡᠨ ᠢᠶᠠᠷ ᠡᠩ ᠤᠨ ᠪᠣᠳᠠᠰ ᠤᠨ ᠭᠠᠳᠠᠷᠭᠤ ᠶᠢ | ᠠᠷᠢᠭᠤᠳᠬᠠᠨ᠎ᠠ᠂ ᠭᠠᠷ᠂ ᠠᠷᠠᠰᠤᠨ ᠤ ᠰᠠᠯᠢᠰᠤᠲᠤ ᠪᠦᠷᠬᠦᠪᠴᠢ᠂ ᠠᠭᠠᠷ ᠵᠡᠷᠭᠡ ᠶᠢ ᠠᠷᠢᠭᠤᠳᠬᠠᠵᠤ ᠪᠤᠯᠬᠤ ᠦᠭᠡᠢ᠂ | ᠠᠮᠠᠷᠬᠠᠨ ᠰᠢᠲᠠᠬᠤ ᠪᠣᠳᠠᠰ ᠪᠠ ᠭᠠᠯ ᠠᠴᠠ ᠵᠠᠶᠢᠳᠠᠭᠤ ᠪᠠᠶᠢᠯᠭᠠᠵᠤ᠂ ᠬᠥᠮᠥᠨ ᠤ ᠪᠡᠶ᠎ᠡ ᠲᠠᠢ ᠬᠦᠷᠦᠯᠴᠡᠬᠦ ᠶᠢ | ᠰᠡᠷᠭᠡᠶᠢᠯᠡᠨ᠎ᠡ᠂ ᠠᠷᠢᠭᠤᠳᠬᠠᠬᠤ ᠳᠠᠭᠠᠨ ᠨᠢᠳᠦ ᠬᠠᠮᠠᠭᠠᠯᠠᠬᠤ ᠰᠢᠯ ᠪᠠ ᠪᠡᠭᠡᠯᠢ ᠵᠡᠷᠭᠡ ᠶᠢ ᠵᠡᠭᠦᠬᠦ ᠬᠡᠷᠡᠭᠲᠡᠢ᠃ |