ᠬᠥᠳᠡᠭᠡ ᠳᠤ ᠪᠠᠶᠢᠩᠭᠤ ᠢᠯᠡᠷᠡᠳᠡᠭ ᠡᠨᠡ ᠡᠪᠡᠳᠴᠢᠨ ᠢ ᠬᠡᠷᠬᠢᠨ ᠰᠡᠷᠭᠡᠶᠢᠯᠡᠬᠦ ᠪᠣᠢ︖
ᠨᠡᠶᠢᠲᠡᠯᠡᠭᠰᠡᠨ ᠴᠠᠭ᠄
2022/8/31
     2019 ᠣᠨ ᠤ 12 ᠳ᠋ᠤᠭᠠᠷ ᠰᠠᠷ᠎ᠠ ᠶᠢᠨ 6᠎ ᠤ ᠡᠳᠦᠷ᠂ ᠲᠣᠮᠳᠠᠳᠣ ᠤᠯᠤᠰ ᠤᠨ ᠲᠠᠷᠢᠶᠠᠯᠠᠩ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠯᠠᠨᠵᠧᠦ ᠳᠠᠬᠢ ᠮᠠᠯ ᠤᠨ ᠡᠮᠨᠡᠯᠬᠡ ᠶᠢᠨ ᠰᠤᠳᠤᠯᠭᠠᠨ ᠤ ᠭᠠᠵᠠᠷ ᠠᠴᠠ ᠮᠡᠳᠡᠭᠡᠯᠡᠯ ᠨᠡᠶᠢᠲᠡᠯᠡᠵᠦ ᠲᠡᠮᠳᠡᠭᠯᠡᠬᠦ ᠳᠡᠭᠡᠨ᠂ 11 ᠳ᠋ᠦ᠋ᠭᠡᠷ ᠰᠠᠷ᠎ᠠ ᠶᠢᠨ 28᠎ ᠠᠴᠠ 29᠎ ᠤ ᠡᠳᠦᠷ ᠪᠣᠯᠳᠠᠯ᠎ᠠ᠂ ᠲᠣᠰ ᠰᠤᠳᠤᠯᠭᠠᠨ ᠤ ᠭᠠᠵᠠᠷ ᠤᠨ ᠱᠦᠯᠬᠦᠭᠡ ᠡᠪᠡᠳᠴᠢᠨ ᠢ ᠰᠡᠷᠭᠡᠶᠢᠯᠡᠨ ᠬᠤᠷᠢᠭᠯᠠᠬᠤ ᠮᠡᠷᠭᠡᠵᠢᠯ ᠤᠨ ᠪᠦᠯᠬᠦᠮ ᠤᠨ ᠬᠢᠨ ᠤᠷᠢᠳ ᠬᠤᠵᠢᠳ 4 ᠰᠣᠷᠣᠭᠴᠢ ᠶᠢᠨ ᠴᠢᠰᠤᠨ ᠤ ᠢᠯᠲᠠᠰᠤᠨ ᠳᠤ ᠪᠷᠦ᠋ᠼᠧᠯ ᠤᠨ ᠪᠠᠺᠲ᠋ᠧᠷᠢ ᠶᠢᠨ ᠡᠶᠡᠷᠭᠦ ᠤᠷᠪᠠᠯ ᠲᠠᠢ ᠪᠠᠶᠢᠭᠰᠠᠨ ᠢ ᠲᠣᠳᠣᠯᠠᠯ᠎ᠠ ᠭᠡᠵᠡᠢ᠃ ᠣᠳᠣ ᠪᠣᠯᠳᠠᠯ᠎ᠠ ᠲᠣᠰ ᠰᠤᠳᠤᠯᠭᠠᠨ ᠤ ᠭᠠᠵᠠᠷ ᠨᠡᠶᠢᠳᠡ 263 ᠬᠥᠮᠥᠨ ᠳᠤ ᠪᠠᠶᠢᠴᠠᠭᠠᠯᠲᠠ ᠬᠢᠵᠦ᠂ ᠭᠠᠨᠰᠤ ᠮᠤᠵᠢ ᠶᠢᠨ ᠡᠪᠡᠳᠴᠢᠨ ᠬᠢᠵᠢᠭ ᠢ ᠰᠡᠷᠭᠡᠶᠢᠯᠡᠨ ᠬᠤᠷᠢᠭᠯᠠᠬᠤ ᠲᠥᠪ ᠤᠨ ᠬᠢ ᠪᠠᠷ ᠲᠣᠳᠣᠯᠠᠭᠤᠯᠤᠭᠰᠠᠨ ᠤ ᠳ᠋ᠦᠩ ᠳᠤ 65 ᠬᠥᠮᠥᠨ ᠨᠢ ᠪᠷᠦ᠋ᠼᠧᠯ ᠤᠨ ᠪᠠᠺᠲ᠋ᠧᠷᠢ ᠶᠢᠨ ᠡᠶᠡᠷᠭᠦ ᠤᠷᠪᠠᠯ ᠲᠠᠢ ᠭᠡᠵᠦ ᠨᠤᠲᠠᠯᠠᠭᠳᠠᠭᠰᠠᠨ ᠪᠠᠶᠢᠨ᠎ᠠ᠃ ᠡᠳᠡᠭᠡᠷ ᠬᠥᠮᠥᠨ ᠤ ᠳᠣᠲᠣᠷ᠎ᠠ᠂ ᠵᠠᠷᠢᠮ ᠣᠨᠴᠠᠭᠠᠢ ᠬᠡᠳᠦᠨ ᠬᠥᠮᠥᠨ ᠤ ᠪᠡᠶ᠎ᠡ ᠳᠤ ᠡᠪ ᠦᠭᠡᠢ ᠪᠠᠶᠢᠳᠠᠯ ᠭᠠᠷᠤᠭᠰᠠᠨ ᠠᠴᠠ ᠭᠠᠳᠠᠨ᠎ᠠ ᠪᠤᠰᠤᠳ ᠬᠥᠮᠥᠰ ᠤᠨ ᠪᠡᠶ᠎ᠡ ᠳᠡᠭᠡᠷ᠎ᠡ ᠣᠨᠴᠠᠭᠠᠢ ᠡᠪᠡᠳᠴᠢᠨ ᠤ ᠢᠯᠡᠷᠡᠯ ᠦᠭᠡᠢ᠃      ᠪᠷᠦ᠋ᠼᠧᠯ ᠡᠪᠡᠳᠴᠢᠨ ᠬᠡᠳᠡᠭ ᠨᠢ ᠶᠠᠮᠠᠷ ᠡᠪᠡᠳᠴᠢᠨ ᠪᠣᠢ︖ ᠪᠷᠦ᠋ᠼᠧᠯ ᠡᠪᠡᠳᠴᠢᠨ ᠪᠣᠯ ᠪᠷᠦ᠋ᠼᠧᠯ ᠤᠨ ᠪᠠᠺᠲ᠋ᠧᠷᠢ ᠠᠴᠠ ᠡᠭᠦᠰᠦᠯᠲᠡᠢ ᠬᠥᠮᠥᠨ ᠮᠠᠯ ᠳᠤ ᠵᠡᠷᠭᠡᠪᠡᠷ ᠬᠠᠯᠳᠠᠪᠤᠷᠢᠯᠠᠳᠠᠭ ᠬᠠᠯᠳᠠᠪᠣᠷᠢᠳᠣ ᠡᠪᠡᠳᠴᠢᠨ ᠪᠣᠯᠣᠨ᠎ᠠ᠃ ᠡᠨᠡ ᠡᠪᠡᠳᠴᠢᠨ ᠢ ︽ᠬᠠᠯᠳᠠᠪᠣᠷᠢᠳᠣ ᠡᠪᠡᠳᠴᠢᠨ ᠢ ᠰᠡᠷᠭᠡᠶᠢᠯᠡᠨ ᠵᠠᠰᠠᠬᠤ ᠬᠠᠤᠯᠢ︾᠎ ᠳᠤ ᠬᠥᠬᠡᠭᠴᠢᠨ ᠲᠦᠷᠦᠯ ᠤᠨ ᠬᠠᠯᠳᠠᠪᠣᠷᠢᠳᠣ ᠡᠪᠡᠳᠴᠢᠨ ᠢᠶᠠᠷ ᠲᠣᠭᠲᠠᠭᠠᠭᠰᠠᠨ ᠪᠠᠶᠢᠳᠠᠭ᠃ ᠬᠠᠯᠳᠠᠪᠤᠷᠢᠯᠠᠬᠤ ᠡᠬᠢ ᠡᠭᠦᠰᠦᠯ ᠪᠣᠯ ᠬᠤᠨᠢ᠂ ᠦᠬᠡᠷ ᠂ ᠭᠠᠭ᠋ᠠᠢ᠂ ᠨᠣᠬᠠᠢ ᠵᠡᠷᠭᠡ ᠭᠡᠷ ᠤᠨ ᠲᠡᠵᠢᠭᠡᠪᠦᠷᠢ ᠪᠣᠯᠣᠨ᠎ᠠ᠃ ᠡᠨᠡ ᠡᠪᠡᠳᠴᠢᠨ ᠪᠦᠬᠦ ᠳᠡᠯᠡᠬᠡᠢ ᠶᠢᠨ 170 ᠭᠠᠷᠤᠢ ᠤᠯᠤᠰ ᠲᠤ ᠲᠠᠷᠬᠠᠵᠤ ᠪᠠᠶᠢᠬᠤ ᠪᠣᠯᠪᠠᠴᠣ ᠬᠥᠭᠵᠢᠭᠰᠡᠨ ᠤᠯᠤᠰ ᠨᠢᠭᠡᠨᠲᠡ ᠡᠵᠡᠮᠳᠡᠵᠦ ᠴᠢᠳᠠᠭᠰᠠᠨ ᠪᠠᠶᠢᠨ᠎ᠠ᠃ ᠣᠳᠣ ᠡᠨᠡ ᠡᠪᠡᠳᠴᠢᠨ ᠳᠤᠮᠳᠠᠳᠤ ᠳᠣᠷᠣᠨᠠᠲᠤ ᠣᠷᠣᠨ᠂ ᠠᠽᠢᠶ᠎ᠠ ᠲᠢᠪ᠂ ᠠᠹᠷᠢᠺᠠ ᠲᠢᠪ᠂ ᠯᠠᠲ᠋ᠢᠨ ᠠᠮᠧᠷᠢᠺᠠ ᠲᠢᠪ ᠤᠨ ᠳᠤᠮᠳᠠ ᠪᠡᠶ᠎ᠡ ᠪᠣᠯᠣᠨ ᠡᠮᠦᠨᠡᠲᠦ ᠪᠡᠶ᠎ᠡ᠂ ᠭᠠᠵᠠᠷ ᠤᠨ ᠲᠣᠮᠳᠠᠳᠣ ᠲᠠᠩᠭᠢᠰ ᠤᠨ ᠬᠤᠲᠣᠭᠤᠷ ᠪᠣᠯᠣᠨ ᠺᠠᠷᠢᠪ ᠤᠨ ᠲᠠᠩᠭᠢᠰ ᠤᠨ ᠭᠠᠵᠠᠷ ᠣᠷᠣᠨ ᠢᠶᠠᠷ ᠪᠠᠶᠢᠩᠭᠤ ᠬᠠᠷᠠᠭᠳᠠᠵᠤ ᠪᠠᠶᠢᠨ᠎ᠠ᠃ ᠪᠷᠦ᠋ᠼᠧᠯ ᠡᠪᠡᠳᠴᠢᠨ 1960 ᠣᠨ ᠠᠴᠠ 1970 ᠣᠨ ᠤ ᠬᠤᠭᠤᠷᠣᠨᠳᠤ ᠮᠠᠨ ᠤ ᠤᠯᠤᠰ ᠲᠤ ᠬᠠᠯᠳᠠᠪᠤᠷᠢᠯᠠᠭᠰᠠᠨ ᠪᠣᠯᠪᠠᠴᠣ ᠰᠡᠭᠦᠯᠡᠷ ᠨᠢ ᠡᠵᠡᠮᠳᠡᠵᠦ ᠴᠢᠳᠠᠭᠰᠠᠨ ᠶᠤᠮ᠃      ᠪᠷᠦ᠋ᠼᠧᠯ ᠡᠪᠡᠳᠴᠢᠨ ᠤ ᠬᠠᠯᠳᠠᠪᠤᠷᠢᠯᠠᠬᠤ ᠵᠠᠮ 1. ᠠᠷᠠᠰᠤ᠂ ᠰᠠᠯᠢᠰᠤᠨ ᠪᠦᠷᠬᠦᠪᠴᠢ ᠪᠠᠷ ᠲᠠᠮᠵᠢᠨ ᠬᠥᠮᠥᠨ ᠤ ᠪᠡᠶ᠎ᠡ ᠳᠤ ᠬᠠᠯᠳᠠᠪᠤᠷᠢᠯᠠᠳᠠᠭ᠃ 2. ᠪᠷᠦ᠋ᠼᠧᠯ ᠤᠨ ᠪᠠᠺᠲ᠋ᠧᠷᠢ ᠶᠢᠨ ᠬᠠᠯᠳᠠᠪᠤᠷᠢ ᠶᠢ ᠡᠭᠦᠰᠬᠡᠳᠡᠭ ᠠᠮᠢᠳᠠᠨ ᠪᠣᠯ ᠭᠤᠣᠯᠳᠠᠭᠤ ᠬᠤᠨᠢ᠂ ᠦᠬᠡᠷ᠂ ᠭᠠᠭ᠋ᠠᠢ ᠵᠡᠷᠭᠡ ᠭᠡᠷ ᠤᠨ ᠲᠡᠵᠢᠭᠡᠪᠦᠷᠢ ᠪᠣᠯᠣᠨ᠎ᠠ᠂ ᠡᠳᠡᠭᠡᠷ ᠠᠮᠢᠳᠠᠨ ᠲᠠᠢ ᠰᠢᠭᠤᠳ ᠣᠶᠢᠷᠠᠲᠤᠬᠤ ᠪᠤᠶᠤ ᠲᠡᠳᠡᠭᠡᠷ ᠤᠨ ᠢᠯᠭᠠᠳᠠᠰᠤ ᠪᠠᠷ ᠨᠢ ᠲᠠᠮᠵᠢᠵᠦ ᠬᠥᠮᠥᠨ ᠳᠤ ᠬᠠᠯᠳᠠᠪᠤᠷᠢᠯᠠᠳᠠᠭ᠃ ᠪᠠᠰᠠ ᠬᠡᠬᠡᠯ ᠬᠠᠶᠠᠭᠰᠠᠨ ᠮᠠᠯ ᠤᠨ ᠬᠡᠬᠡᠯ ᠠᠴᠠ ᠬᠠᠯᠳᠠᠪᠤᠷᠢᠯᠠᠳᠠᠭ᠃ ᠡᠶᠢᠮᠦ ᠠᠴᠠ᠂ ᠮᠠᠯ ᠲᠡᠵᠢᠭᠡᠬᠦ᠂ ᠰᠦ ᠰᠠᠭᠠᠬᠤ᠂ ᠨᠣᠣᠰᠣ ᠬᠠᠶᠢᠴᠢᠯᠠᠬᠤ᠂ ᠮᠠᠯ ᠨᠢᠲᠤᠯᠬᠤ᠂ ᠠᠷᠠᠰᠤ ᠨᠣᠣᠰᠣ ᠪᠣᠯᠣᠨ ᠮᠢᠬ᠎ᠠ ᠶᠠᠰᠤ ᠶᠢ ᠨᠢ ᠪᠣᠯᠪᠠᠰᠤᠷᠠᠭᠤᠯᠬᠤ ᠦᠶᠡᠰ ᠰᠠᠶᠢᠨ ᠰᠡᠷᠭᠡᠶᠢᠯᠡᠬᠦ ᠦᠭᠡᠢ ᠶᠤᠮ ᠪᠣᠯ ᠠᠷᠠᠰᠤ ᠪᠤᠶᠤ ᠰᠠᠯᠢᠰᠤᠨ ᠪᠦᠷᠬᠦᠪᠴᠢ ᠪᠠᠷ ᠲᠠᠮᠵᠢᠨ ᠬᠥᠮᠥᠨ ᠳᠤ ᠬᠠᠯᠳᠠᠪᠤᠷᠢᠯᠠᠳᠠᠭ᠃ ᠪᠠᠰᠠ ᠡᠪᠡᠳᠴᠢᠨ ᠲᠠᠢ ᠮᠠᠯ ᠪᠣᠯᠣᠨ ᠲᠡᠭᠦᠨ ᠤ ᠣᠷᠴᠢᠨ ᠲᠣᠭᠤᠷᠢᠨ ᠳᠤ ᠪᠠᠶᠢᠭ᠎ᠠ ᠪᠣᠳᠠᠰ ᠠᠴᠠ ᠴᠣ᠋ ᠬᠠᠯᠳᠠᠪᠤᠷᠢᠯᠠᠳᠠᠭ᠃ 3. ᠰᠢᠩᠭᠡᠭᠡᠯᠲᠡ ᠶᠢᠨ ᠰᠢᠰᠲ᠋ᠧᠮ ᠢᠶᠠᠷ ᠬᠠᠯᠳᠠᠪᠤᠷᠢᠯᠠᠨ᠎ᠠ᠃ ᠪᠷᠦ᠋ᠼᠧᠯ ᠤᠨ ᠪᠠᠺᠲ᠋ᠧᠷᠢ ᠠᠭᠤᠯᠤᠭᠳᠠᠭᠰᠠᠨ ᠴᠢᠨᠠᠵᠤ ᠪᠣᠯᠭᠤᠭᠠᠭᠰᠠᠨ ᠦᠭᠡᠢ ᠮᠢᠬ᠎ᠠ᠂ ᠰᠦ ᠢᠳᠡᠵᠦ ᠤᠤᠭᠤᠪᠠᠯ ᠠᠮᠠᠷᠬᠠᠨ ᠬᠠᠯᠳᠠᠪᠤᠷᠢᠯᠠᠨ᠎ᠠ᠃ 4. ᠠᠮᠢᠰᠬᠤᠯ ᠤᠨ ᠵᠠᠮ ᠢᠶᠠᠷ ᠬᠠᠯᠳᠠᠪᠤᠷᠢᠯᠠᠳᠠᠭ᠃ ᠭᠤᠣᠯᠳᠠᠭᠤ ᠪᠷᠦ᠋ᠼᠧᠯ ᠤᠨ ᠪᠠᠺᠲ᠋ᠧᠷᠢ ᠲᠠᠢ ᠬᠤᠮᠠᠬᠢ ᠲᠣᠭᠤᠰᠣ ᠶᠢ ᠠᠮᠢᠰᠬᠤᠪᠠᠯ ᠲᠣᠰ ᠡᠪᠡᠳᠴᠢᠨ ᠬᠠᠯᠳᠠᠪᠤᠷᠢᠯᠠᠭᠳᠠᠳᠠᠭ᠃ ᠠᠷᠠᠰᠤ ᠨᠣᠣᠰᠣᠨ ᠤ ᠦᠢᠯᠡᠳᠪᠦᠷᠢ ᠶᠢᠨ ᠠᠵᠢᠯᠴᠢᠨ᠂ ᠪᠷᠦ᠋ᠼᠧᠯ ᠤᠨ ᠪᠠᠺᠲ᠋ᠧᠷᠢ ᠶᠢᠨ ᠲᠤᠷᠰᠢᠯᠲᠠ ᠶᠢᠨ ᠥᠷᠥᠭᠡᠨ ᠳᠠᠬᠢ ᠬᠥᠮᠥᠰ ᠨᠡᠩ ᠠᠮᠠᠷᠬᠨ ᠬᠠᠯᠳᠠᠪᠤᠷᠢᠯᠠᠭᠳᠠᠳᠠᠭ᠃      ᠲᠣᠰ ᠡᠪᠡᠳᠴᠢᠨ ᠢ ᠡᠷᠲᠡ ᠣᠨᠣᠰᠢᠯᠠᠬᠤ ᠳᠤ ᠬᠦᠴᠢᠷ ᠲᠠᠢ ᠪᠠᠶᠢᠳᠠᠭ ᠤᠨ ᠰᠢᠯᠲᠠᠭᠠᠨ᠄ 1. ᠪᠷᠦ᠋ᠼᠧᠯ ᠡᠪᠡᠳᠴᠢᠨ ᠳᠤ ᠨᠡᠷᠪᠡᠭᠳᠡᠭᠰᠡᠳ ᠭᠤᠣᠯᠳᠠᠭᠤ ᠬᠠᠯᠠᠭᠤᠷᠠᠬᠤ᠂ ᠲᠠᠮᠢᠷᠳᠠᠬᠤ᠂ ᠬᠥᠯᠥᠰᠦ ᠭᠠᠷᠬᠤ ᠦᠶ᠎ᠡ ᠭᠡᠰᠢᠭᠦᠦ ᠡᠪᠡᠳᠬᠦ ᠵᠡᠷᠭᠡ ᠡᠪᠡᠳᠴᠢᠨ ᠤ ᠢᠯᠡᠷᠡᠯ ᠲᠠᠢ ᠪᠠᠶᠢᠳᠠᠭ᠂ ᠪᠤᠰᠤᠳ ᠣᠯᠠᠨ ᠲᠦᠷᠦᠯ ᠤᠨ ᠡᠪᠡᠳᠴᠢᠨ ᠲᠠᠢ ᠠᠳᠠᠯᠢᠬᠠᠨ ᠢᠶᠠᠷ ᠣᠨᠴᠠᠭᠠᠢ ᠢᠯᠡᠷᠡᠯ ᠦᠭᠡᠢ ᠮᠥᠷᠲᠡᠭᠡᠨ ᠢᠯᠡᠷᠡᠯ ᠨᠢ ᠬᠠᠷᠢᠴᠠᠩᠭᠤᠢ ᠪᠠᠷ ᠬᠥᠩᠭᠡᠨ ᠪᠠᠶᠢᠳᠠᠭ ᠲᠤᠯᠠ ᠡᠪᠡᠳᠴᠢᠲᠡᠳ ᠶᠡᠷᠦ ᠳᠡᠭᠡᠨ ᠡᠮᠨᠡᠯᠬᠡ ᠳᠤ ᠣᠴᠢᠵᠤ ᠪᠠᠶᠢᠴᠠᠭᠠᠯᠭᠠᠳᠠᠭ ᠦᠭᠡᠢ᠃ 2. ᠡᠮᠴᠢ ᠨᠠᠷ᠂ ᠣᠨᠴᠠᠭᠠᠶᠢᠯᠠᠨ ᠮᠠᠯᠵᠢᠬᠤ ᠣᠷᠣᠨ ᠤ ᠪᠤᠰᠤ ᠡᠮᠨᠡᠯᠬᠡ ᠶᠢᠨ ᠠᠵᠢᠯᠲᠠᠳ ᠲᠤ ᠡᠨᠡ ᠬᠦ ᠡᠪᠡᠳᠴᠢᠨ ᠤ ᠲᠤᠬᠠᠢ ᠲᠠᠨᠢᠯᠲᠠ ᠳᠤᠲᠠᠮᠠᠭ ᠪᠠᠶᠢᠳᠠᠭ᠃ ᠳᠠᠩᠳᠠ ᠰᠢᠯᠲᠠᠭᠠᠨ ᠦᠭᠡᠢ ᠪᠠᠷ ᠬᠠᠯᠠᠭᠤᠷᠠᠬᠤ᠂ ᠰᠢᠯᠲᠠᠭᠠᠨ ᠦᠭᠡᠢ ᠪᠠᠷ ᠦᠶ᠎ᠡ ᠭᠡᠰᠢᠭᠦᠦ ᠡᠪᠡᠳᠬᠦ ᠵᠡᠷᠭᠡ ᠪᠠᠷ ᠲᠣᠳᠣᠯᠠᠵᠤ᠂ ᠰᠦᠷᠢᠶ᠎ᠡ ᠡᠪᠡᠳᠴᠢᠨ᠂ ᠬᠡᠷᠡᠬᠦ ᠴᠢᠨᠠᠷᠲᠠᠢ ᠲᠠᠷᠬᠠᠯᠠᠭ᠎ᠠ ᠶᠢᠨ ᠡᠪᠡᠳᠴᠢᠨ᠂ ᠴᠢᠰᠤᠨ ᠰᠢᠰᠲ᠋ᠧᠮ ᠤᠨ ᠡᠪᠡᠳᠴᠢᠨ ᠵᠡᠷᠭᠡ ᠲᠠᠯ᠎ᠠ ᠪᠠᠷ ᠣᠴᠢᠵᠤ ᠡᠪᠡᠳᠴᠢᠨ ᠤ ᠰᠢᠯᠲᠠᠭᠠᠨ ᠢ ᠪᠣᠳᠣᠯᠬᠢᠯᠠᠳᠠᠭ ᠠᠴᠠ ᠪᠢᠰᠢ᠂ ᠬᠠᠷᠢᠨ ᠪᠷᠦ᠋ᠼᠧᠯ ᠤᠨ ᠡᠪᠡᠳᠴᠢᠨ ᠭᠡᠰᠡᠨ ᠢ ᠪᠣᠳᠣᠵᠦ ᠣᠯᠳᠠᠭ ᠦᠭᠡᠢ ᠶᠤᠮ᠃ 3. ᠪᠷᠦ᠋ᠼᠧᠯ ᠡᠪᠡᠳᠴᠢᠨ ᠢ ᠲᠣᠳᠣᠯᠠᠨ ᠡᠮᠴᠢᠯᠡᠬᠦ ᠴᠢᠰᠤᠨ ᠴᠠᠶᠢᠪᠠᠩ ᠤᠨ ᠰᠤᠳᠤᠯᠤᠯ ᠢ ᠣᠯᠠᠩᠬᠢ ᠡᠮᠨᠡᠯᠬᠡ ᠶᠢᠨ ᠬᠤᠷᠢᠶᠠᠨ ᠳᠤ ᠬᠢᠵᠦ ᠴᠢᠳᠠᠳᠠᠭ ᠦᠭᠡᠢ᠃ ᠪᠠᠰᠠ ᠴᠢᠰᠤ ᠦᠷᠡᠵᠢᠭᠦᠯᠬᠦ ᠳᠤ ᠨᠡᠯᠢᠶᠡᠳ ᠣᠷᠳᠣ ᠬᠤᠭᠤᠴᠠᠭ᠎ᠠ ︵ᠬᠡᠪ ᠤᠨ ᠪᠠᠶᠢᠳᠠᠯ ᠳᠤ 7 8 ᠬᠤᠨᠤᠭ ᠬᠡᠷᠡᠭᠯᠡᠨ᠎ᠡ︶ ᠱᠠᠭᠠᠷᠳᠠᠳᠠᠭ ᠮᠥᠷᠲᠡᠭᠡᠨ ᠡᠶᠡᠷᠭᠦ ᠤᠷᠪᠠᠯ ᠨᠢ ᠬᠠᠷᠢᠴᠠᠩᠭᠤᠢ ᠳᠣᠣᠷ᠎ᠠ ᠪᠠᠶᠢᠳᠠᠭ ᠵᠡᠷᠭᠡ ᠨᠢ ᠪᠷᠦ᠋ᠼᠧᠯ ᠡᠪᠡᠳᠴᠢᠨ ᠢ ᠡᠷᠲᠡ ᠲᠣᠳᠣᠯᠠᠬᠤ ᠶᠢ ᠨᠥᠯᠥᠭᠡᠯᠡᠳᠡᠭ᠃ ᠡᠷᠲᠡ ᠠᠴᠠ ᠣᠨᠣᠰᠢᠯᠠᠵᠤ ᠡᠮᠴᠢᠯᠡᠭᠦᠯᠪᠡᠯ 90%᠎ ᠶᠢᠨ ᠡᠪᠡᠳᠴᠢᠲᠡᠨ ᠡᠳᠡᠭᠡᠷᠡᠬᠦ ᠪᠣᠯᠣᠮᠵᠢᠲᠠᠢ ᠪᠷᠦ᠋ᠼᠧᠯ ᠡᠪᠡᠳᠴᠢᠨ ᠣᠯᠣᠭᠰᠠᠨ ᠤ ᠲᠠᠷᠠᠭ᠎ᠠ ᠡᠷᠲᠡ ᠠᠴᠠ ᠲᠣᠳᠣᠯᠠᠵᠤ ᠡᠮᠴᠢᠯᠡᠭᠦᠯᠪᠡᠯ 90%᠎ ᠠᠴᠠ ᠳᠡᠭᠡᠭᠰᠢᠬᠢ ᠡᠪᠡᠳᠴᠢᠲᠡᠨ ᠡᠳᠡᠭᠡᠷᠡᠬᠦ ᠪᠣᠯᠣᠮᠵᠢᠲᠠᠢ᠃ ᠨᠢᠭᠤᠳᠠᠮᠠᠯ ᠴᠢᠨᠠᠷᠲᠠᠢ ᠬᠠᠯᠳᠠᠪᠤᠷᠢᠯᠠᠯ ᠪᠣᠯ ᠠᠶᠤᠵᠤ ᠪᠠᠴᠢᠮᠳᠠᠬᠤ ᠬᠡᠷᠡᠭ ᠦᠭᠡᠢ᠃ ᠶᠠᠮᠠᠷ ᠴᠣ᠋ ᠡᠪᠡᠳᠴᠢᠨ ᠤ ᠢᠯᠡᠷᠡᠯ ᠦᠭᠡᠢ ᠪᠠᠶᠢᠪᠠᠯ ᠪᠡᠶ᠎ᠡ ᠳᠣᠲᠣᠷᠠᠬᠢ ᠡᠪᠡᠳᠴᠢᠨ ᠤ ᠪᠠᠺᠲ᠋ᠧᠷᠢ ᠦᠭᠡᠢ ᠪᠣᠯᠤᠭᠰᠠᠨ ᠭᠡᠳᠡᠭ ᠢ ᠬᠠᠷᠠᠭᠤᠯᠵᠤ ᠪᠠᠶᠢᠨ᠎ᠠ᠃ ᠡᠨᠡ ᠦᠶᠡᠰ ᠡᠮᠴᠢᠯᠡᠭᠦᠯᠬᠦ ᠬᠡᠷᠡᠭ ᠦᠭᠡᠢ ᠮᠥᠷᠲᠡᠭᠡᠨ ᠪᠤᠰᠤᠳ ᠬᠥᠮᠥᠨ ᠳᠤ ᠴᠣ᠋ ᠬᠠᠯᠳᠠᠪᠤᠷᠢᠯᠠᠬᠤ ᠦᠭᠡᠢ ᠶᠤᠮ᠃ ᠪᠷᠦ᠋ᠼᠧᠯ ᠡᠪᠡᠳᠴᠢᠨ ᠢ ᠰᠡᠷᠭᠡᠶᠢᠯᠡᠬᠦ ᠳᠤ ᠥᠪᠡᠷ ᠢ ᠪᠠᠨ ᠰᠠᠶᠢᠨ ᠬᠠᠮᠠᠭᠠᠯᠬᠤ ᠬᠡᠷᠡᠭᠲᠡᠢ︔ ᠲᠣᠰ ᠡᠪᠡᠳᠴᠢᠨ ᠪᠣᠯ ᠠᠮᠢᠳᠠᠨ ᠠᠴᠠ ᠡᠭᠦᠰᠦᠯᠲᠡᠢ ᠬᠠᠯᠳᠠᠪᠣᠷᠢᠳᠣ ᠡᠪᠡᠳᠴᠢᠨ ᠪᠣᠯᠬᠤᠷ ᠰᠡᠷᠭᠡᠶᠢᠯᠡᠨ ᠬᠤᠷᠢᠭᠯᠠᠵᠤ ᠪᠣᠯᠳᠠᠭ ᠶᠤᠮ᠃ ᠨᠢᠭᠡ ᠳᠤ᠂ ᠭᠡᠷ ᠤᠨ ᠲᠡᠵᠢᠭᠡᠪᠦᠷᠢ ᠳᠡᠭᠡᠨ ᠰᠡᠷᠭᠡᠶᠢᠯᠡᠯᠲᠡ ᠶᠢᠨ ᠵᠡᠭᠦᠦ ᠲᠠᠷᠢᠬᠤ ᠬᠡᠷᠡᠭᠲᠡᠢ︔ ᠬᠤᠶᠠᠷ ᠲᠤ᠂ ᠡᠳᠦᠷ ᠳᠣᠳᠥᠮ ᠭᠡᠷ ᠤᠨ ᠲᠡᠵᠢᠭᠡᠪᠦᠷᠢ ᠳᠡᠭᠡᠨ ᠪᠠᠶᠢᠴᠠᠭᠠᠯᠲᠠ ᠬᠢᠵᠦ᠂ ᠡᠪᠡᠳᠴᠢᠨ ᠲᠠᠢ ᠮᠠᠯ ᠢᠯᠡᠷᠡᠪᠡᠯ ᠲᠤᠰᠠᠭᠠᠷᠯᠠᠵᠤ ᠬᠤᠷᠢᠬᠤ ᠪᠤᠶᠤ ᠪᠤᠰᠤᠳ ᠠᠷᠭ᠎ᠠ ᠪᠠᠷ ᠰᠢᠢᠳᠪᠦᠷᠢᠯᠡᠨ᠎ᠡ᠃
 
ᠢᠷᠡᠯᠲᠡ᠄ ᠤᠷᠳᠤᠰ ᠬᠤᠳᠠ ᠶᠢᠨ ᠠᠷᠠᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号