ᠡᠶᠢᠮᠤ ᠳ᠋ᠧᠩ ᠢ ᠪᠢᠲᠡᠭᠡᠶ ᠳᠤᠷ᠎ᠠ ᠪᠠᠷ ᠢᠶᠠᠨ ᠬᠡᠷᠡᠭᠯᠡ
ᠨᠡᠶᠢᠲᠡᠯᠡᠭᠰᠡᠨ ᠴᠠᠭ᠄
2022/7/28
   ᠮᠠᠰᠢ ᠣᠯᠠᠨ ᠬᠥᠮᠦᠨ ᠰᠡᠭᠦᠳᠡᠷ ᠲᠠᠲᠠᠬᠤ᠂ ᠸᠢᠳᠢᠣ᠋ ᠰᠢᠩᠭᠡᠭᠡᠬᠦ᠂  ᠰᠢᠭᠤᠳ  ᠨᠡᠪᠲᠡᠷᠡᠭᠦᠯᠭᠡ  ᠬᠢᠬᠦ  ᠦᠶᠡᠰ  ᠎ ᠳᠡᠭᠡᠨ ᠭᠤᠶᠤ ᠰᠠᠶᠢᠬᠠᠨ ᠢ ᠬᠥᠭᠡᠭᠡᠴᠡᠯᠳᠦᠬᠦ ᠶᠢᠨ ᠲᠤᠰᠠᠲᠠ ᠪᠦᠷ ᠤᠷᠴᠢᠨ ᠦᠵᠡᠮᠤᠷᠢ ᠶᠢᠨ ᠳ᠋ᠧᠩ ᠲᠤᠬᠢᠷᠠᠭᠤᠯᠳᠠᠭ᠃                ᠣᠶᠢᠷ᠎ᠠ ᠳᠤ᠂ ᠵᠠᠷᠢᠮ ᠬᠤᠪᠢ ᠶᠢᠨ ᠵᠠᠭᠤᠴᠢᠯᠠᠭᠤᠷ ᠤᠨ ᠪᠦᠷᠭᠡ ᠶᠢᠨ ᠡᠵᠡᠨ ᠵᠣᠬᠢᠶᠠᠯ ᠨᠡᠶᠢᠲᠡᠯᠡᠵᠦ᠂ ᠪᠢ ᠤᠷᠴᠢᠨ ᠦᠵᠡᠮᠤᠷᠢ ᠶᠢᠨ ᠳ᠋ᠧᠩ ᠬᠡᠷᠡᠭᠯᠡᠭᠰᠡᠨ ᠠᠴᠠ ᠪᠣᠯᠵᠣ ᠨᠢᠳᠦ ᠭᠡᠮᠲᠦᠵᠦ᠂ ᠰᠢᠷ᠎ᠠ ᠲᠣᠯᠪᠤ ᠨᠢ ᠴᠢᠰᠤ ᠭᠠᠷᠴᠤ᠂  ᠬᠠᠷᠠᠭ᠎ᠠ ᠬᠦᠨᠳᠦ ᠨᠣᠴᠢᠲᠠᠶ ᠮᠠᠭᠤᠳᠠᠵᠠᠶ ᠭᠡᠪᠡ᠃                 ᠤᠷᠴᠢᠨ ᠦᠵᠡᠮᠤᠷᠢ ᠶᠢᠨ ᠳ᠋ᠧᠩ ᠪᠣᠯ LED ᠳ᠋ᠧᠩ ᠤᠨ ᠨᠢᠭᠡ ᠵᠦᠢᠯ ᠪᠣᠯᠤᠨ᠎ᠠ᠂  ᠥᠪᠡᠷ ᠤᠨ ᠬᠡᠷᠡᠭᠴᠡᠭᠡ ᠪᠠᠨ ᠦᠨᠳᠦᠰᠦᠯᠡᠨ ᠳ᠋ᠧᠩ ᠤᠨ ᠭᠡᠷᠡᠯ᠂ ᠤᠢᠩᠭᠡ ᠵᠡᠷᠭᠡ ᠶᠢᠨ ᠬᠤᠪᠢᠷᠠᠯᠲᠠ ᠶᠢ ᠲᠤᠬᠢᠷᠠᠭᠤᠯᠤᠨ ᠡᠵᠡᠮᠳᠡᠵᠦ ᠪᠣᠯᠤᠨ᠎ᠠ᠃ ᠮᠠᠰᠢ ᠭᠡᠷᠡᠯᠲᠡᠢ ᠤᠷᠴᠢᠨ ᠦᠵᠡᠮᠤᠷᠢ ᠶᠢᠨ ᠳ᠋ᠧᠩ ᠳᠤ  ᠶᠡᠭᠡ  ᠬᠡᠮᠵᠢᠶᠡᠨ ᠤ  ᠡᠷᠴᠢᠳᠤ  ᠡᠨᠧᠷᠭᠢ ᠶᠢᠨ  ᠣᠬᠤᠷ  ᠳᠣᠯᠭᠢᠶᠠᠨᠲᠤ  ᠬᠥᠬᠡ  ᠭᠡᠷᠡᠯ ᠠᠭᠤᠯᠤᠭᠳᠠᠵᠤ᠂ ᠲᠡᠷᠡ ᠨᠢ ᠲᠠᠯᠠᠰᠯᠢᠭ ᠴᠤᠭᠴᠠ ᠶᠢ ᠨᠡᠪᠲᠡᠯᠦᠨ ᠰᠢᠭᠤᠳ ᠨᠢᠳᠦᠨ ᠤ  ᠲᠣᠣᠷᠯᠢᠭ  ᠪᠦᠷᠬᠦᠪᠴᠢ ᠳᠤ  ᠬᠦᠷᠴᠦ᠂ ᠦᠷᠭᠦᠯᠵᠢᠯᠡᠨ ᠤᠷᠲᠤ ᠬᠤᠭᠤᠴᠠᠭ᠎ᠠ ᠬᠡᠷᠡᠭᠯᠡᠪᠡᠯ ᠨᠢᠳᠦᠨ ᠤ ᠲᠣᠣᠷᠯᠢᠭ  ᠪᠦᠷᠬᠦᠪᠴᠢ ᠳᠤ  ᠴᠢᠯᠥᠭᠡᠲᠦ  ᠢᠵᠠᠭᠤᠷ  ᠡᠭᠦᠰᠦᠨ᠎ᠡ᠂ ᠡᠳᠡᠭᠡᠷ  ᠴᠢᠯᠥᠭᠡᠲᠦ  ᠢᠵᠠᠭᠤᠷ  ᠎ ᠨᠢ  ᠨᠢᠳᠦᠨ ᠤ  ᠲᠣᠣᠷᠯᠢᠭ  ᠪᠦᠷᠬᠦᠪᠴᠢ ᠶᠢᠨ  ᠥᠩᠭᠡᠲᠦ  ᠡᠳ᠋ ᠤᠨ  ᠬᠥᠷᠥᠰᠥᠨ  ᠡᠰ ᠢ ᠦᠬᠦᠭᠦᠯᠵᠦ᠂ ᠨᠢᠳᠦᠨ ᠤ ᠲᠣᠣᠷᠯᠢᠭ ᠪᠦᠷᠬᠦᠪᠴᠢ ᠳᠤ ᠡᠭᠦᠷᠢᠳᠡ ᠶᠢᠨ ᠴᠢᠨᠠᠷᠲᠠᠶ ᠭᠡᠮᠲᠦᠯ ᠡᠭᠦᠰᠭᠡᠨ᠎ᠡ᠃                  ᠨᠢᠳᠦᠨ ᠳᠤ ᠬᠤᠣᠷ ᠬᠥᠨᠥᠭᠡᠯ ᠤᠴᠠᠷᠠᠭᠤᠯᠬᠤ ᠠᠴᠠ  ᠭᠠᠳᠠᠨ᠎ᠠ᠂  ᠡᠷᠴᠢᠳᠤ  ᠡᠨᠧᠷᠭᠢ ᠶᠢᠨ  ᠣᠬᠤᠷ  ᠳᠣᠯᠭᠢᠶᠠᠨᠲᠤ ᠬᠥᠬᠡ ᠭᠡᠷᠡᠯ ᠨᠢ ᠪᠠᠰᠠ ᠬᠠᠷ᠎ᠠ ᠥᠩᠭᠡᠨ ᠡᠳ᠋ ᠤᠨ ᠰᠢᠭᠦᠷᠡᠯᠲᠡ ᠶᠢ ᠬᠤᠷᠢᠭᠯᠠᠵᠤ᠂ ᠬᠥᠮᠦᠨ ᠤ  ᠬᠡᠪ ᠤᠨ  ᠠᠮᠢᠳᠤ  ᠪᠣᠳᠠᠰ ᠤᠨ ᠬᠡᠮᠨᠡᠯ ᠢ ᠬᠠᠷᠰᠢᠯᠠᠵᠤ᠂ ᠤᠷᠮ᠎ᠠ ᠰᠡᠳᠬᠢᠯᠭᠡ᠂ ᠨᠤᠶᠢᠷ᠂ ᠠᠩᠬᠠᠷᠤᠯ  ᠵᠡᠷᠭᠡ ᠶᠢ  ᠨᠥᠯᠥᠭᠡᠯᠡᠵᠦ᠂  ᠴᠢᠨᠠᠭᠰᠢᠯᠠᠨ  ᠰᠣᠯᠢᠯᠴᠠᠭᠠᠨ ᠤ ᠰᠠᠮᠠᠭᠤᠷᠠᠯ ᠢ ᠡᠭᠦᠰᠭᠡᠵᠦ᠂ ᠵᠢᠷᠦᠬᠡ ᠴᠢᠰᠤᠨ ᠰᠤᠳᠠᠯ ᠤᠨ ᠡᠪᠡᠳᠴᠢᠨ᠂ ᠰᠢᠬᠢᠷ ᠰᠢᠵᠢᠩ  ᠡᠪᠡᠳᠴᠢᠨ  ᠣᠯᠬᠤ  ᠵᠡᠷᠭᠡ  ᠠᠶᠤᠯ ᠲᠦᠭᠰᠢᠭᠦᠷᠢ ᠶᠢ ᠨᠡᠮᠡᠭᠳᠡᠭᠦᠯᠦᠨ᠎ᠡ᠃
 
ᠢᠷᠡᠯᠲᠡ᠄ ᠤᠷᠳᠤᠰ ᠤᠨ ᠮᠤᠩᠭᠤᠯ ᠬᠡᠯᠡᠨ ᠤ ᠰᠤᠨᠢᠨ ᠮᠡᠳᠡᠬᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号