| | ᠶᠠᠫᠧᠢ ᠶᠢᠨ ᠪᠦᠬᠦ ᠪᠥᠮᠪᠥᠷᠴᠡᠭ ᠤᠨ ᠠᠯᠪᠠᠨ ᠤ ᠰᠦᠯᠵᠢᠶ᠎ᠡ ᠲᠦᠷᠦᠭᠦᠬᠡᠨ ᠳᠤ ᠨᠢᠯᠬ᠎ᠠ ᠬᠡᠦᠬᠡᠳ ᠤᠨ | ᠨᠠᠶᠢᠷᠠᠯᠭ᠎ᠠ ᠲᠠᠢ ᠭᠤᠷᠪᠠᠨ ᠵᠥᠢᠯ ᠤᠨ ᠰᠦᠨ ᠲᠠᠯᠬ᠎ᠠ ᠶᠢ ᠰᠠᠨᠠᠭᠠᠴᠢᠯᠠᠭ᠎ᠠ ᠠᠴᠠ ᠪᠠᠨ ᠡᠭᠡᠭᠦᠯᠦᠨ ᠠᠪᠠᠴᠢᠪᠠ᠂ ᠲᠤᠰ | ᠬᠡᠷᠡᠭ ᠲᠤ ᠴᠢᠭᠯᠡᠭᠦᠯᠦᠨ᠂ ᠲᠥᠪ ᠲᠧᠯᠸᠢᠰ ᠤᠨ ᠡᠳ᠋ ᠤᠨ ᠵᠠᠰᠠᠭ ᠠᠵᠤ ᠠᠬᠤᠶ ᠶᠢᠨ ᠰᠤᠷᠪᠤᠯᠵᠢᠯᠠᠭᠴᠢ | ᠶᠠᠫᠧᠢ ᠶᠢᠨ ᠳᠤᠮᠳᠠᠳᠤ ᠤᠯᠤᠰ ᠤᠨ ᠺᠤᠮᠫᠠᠨᠢ ᠲᠠᠢ ᠬᠠᠷᠢᠯᠴᠠᠵᠠᠶ᠂ ᠨᠥᠭᠦᠭᠡ ᠡᠲᠡᠭᠡᠳ ᠨᠢ ᠢᠯᠡᠷᠬᠡᠶᠢᠯᠡᠬᠦ ᠳᠡᠭᠡᠨ᠄ | ᠡᠨᠡ ᠤᠳᠠᠭᠠᠨ ᠤ ᠰᠠᠨᠠᠭᠠᠴᠢᠯᠠᠭ᠎ᠠ ᠠᠴᠠ ᠪᠠᠨ ᠡᠭᠡᠭᠦᠯᠦᠨ ᠠᠪᠠᠴᠢᠭᠰᠠᠨ ᠦᠢᠯᠡᠳᠬᠦᠨ ᠤ ᠳᠣᠲᠣᠷ᠎ᠠ᠂ ᠳᠤᠮᠳᠠᠳᠤ | ᠤᠯᠤᠰ ᠤᠨ ᠵᠠᠬ᠎ᠠ ᠳᠡᠯᠭᠡᠭᠦᠷ ᠤᠨ ᠨᠢᠯᠬ᠎ᠠ ᠬᠡᠦᠬᠡᠳ ᠤᠨ ᠰᠢᠮ᠎ᠡ ᠲᠡᠵᠢᠭᠡᠯ ᠤᠨ ᠨᠥᠬᠦᠪᠥᠷᠢ ᠡᠳ᠋ ᠰᠢᠺᠠᠩ ᠪᠦᠪᠡᠶ | ᠨᠡᠮᠡᠵᠡᠶ᠂ ᠣᠳᠣᠬᠠᠨ ᠳᠤ ᠲᠢᠶᠠᠨ ᠮᠤᠤ᠂ ᠵᠢᠩ ᠳ᠋ᠦᠩ ᠤᠨ ᠶᠠᠫᠧᠢ ᠶᠢᠨ ᠠᠯᠪᠠᠨ ᠤ ᠲᠠᠯ᠎ᠠ ᠶᠢᠨ ᠬᠤᠰᠢᠭᠤᠴᠢ | ᠳᠡᠯᠭᠡᠭᠦᠷ ᠨᠢᠭᠡᠨᠲᠡ ᠡᠨᠡ ᠬᠦ ᠲᠠᠸᠠᠷ ᠢ ᠵᠠᠬ᠎ᠠ ᠳᠡᠯᠭᠡᠭᠦᠷ ᠠᠴᠠ ᠭᠠᠷᠭᠠᠪᠠ ᠭᠡᠵᠡᠶ᠃ ᠬᠡᠷᠪᠡ ᠬᠡᠷᠡᠭᠯᠡᠭᠴᠢᠳ ᠤᠨ | ᠬᠦᠴᠦᠨ ᠲᠠᠢ ᠬᠤᠭᠤᠴᠠᠭ᠎ᠠ ᠨᠢ 2022 ᠣᠨ ᠤ 4 ᠳ᠋ᠤᠭᠡᠷ ᠰᠠᠷ᠎ᠠ ᠶᠢᠨ 1 ᠤ ᠡᠳᠦᠷ ᠠᠴᠠ ᠬᠤᠶᠢᠰᠢᠬᠢ ᠰᠢ | ᠺᠠᠩ ᠪᠦᠪᠡᠶ ᠦᠢᠯᠡᠳᠭᠦᠨ ᠨᠡᠮᠡᠭᠰᠡᠨ ᠪᠠᠶᠢᠪᠠᠯ᠂ ᠠᠯᠪᠠᠨ ᠲᠠᠯ᠎ᠠ ᠶᠢᠨ ᠦᠢᠯᠡᠴᠢᠯᠡᠭᠡᠨ ᠤ ᠤᠲᠠᠰᠤ | 400820611 ᠳᠤ ᠤᠲᠠᠰᠤᠳᠠᠵᠤ ᠪᠠᠷᠠᠭ᠎ᠠ ᠪᠤᠴᠠᠭᠠᠬᠤ ᠵᠥᠪᠯᠡᠯᠭᠡ ᠠᠪᠴᠤ ᠪᠣᠯᠤᠨ᠎ᠠ᠃ | ᠶᠠᠫᠸᠢ ᠶᠢᠨ ᠪᠦᠬᠦ ᠪᠥᠮᠪᠥᠷᠴᠡᠭ ᠤᠨ ᠠᠯᠪᠠᠨ ᠤ ᠰᠦᠯᠵᠢᠶ᠎ᠡ ᠠᠮᠧᠷᠢᠺᠠ ᠶᠢᠨ ᠴᠠᠭ ᠢᠶᠠᠷ 2 ᠰᠠᠷ᠎ᠠ ᠶᠢᠨ 17 ᠤ | ᠡᠳᠦᠷ ᠠᠮᠧᠷᠢᠺᠠ ᠶᠢᠨ ᠮᠢᠰᠢᠭᠠᠨ ᠵᠧᠤ ᠶᠢᠨ ᠦᠢᠯᠡᠳᠪᠦᠷᠢ ᠶᠢᠨ ᠦᠢᠯᠡᠳᠪᠦᠷᠢᠯᠡᠭᠰᠡᠨ Similac᠂ | Alimentum᠂EleCare ᠵᠡᠷᠭᠡ ᠨᠢᠯᠬ᠎ᠠ ᠬᠡᠦᠬᠡᠳ ᠤᠨ ᠨᠠᠶᠢᠷᠠᠯᠭ᠎ᠠ ᠲᠠᠢ ᠭᠤᠷᠪᠠᠨ ᠵᠦᠢᠯ ᠤᠨ ᠰᠦᠨ | ᠲᠠᠯᠬ᠎ᠠ ᠶᠢ ᠰᠠᠨᠠᠭᠠᠴᠢᠯᠠᠭ᠎ᠠ ᠠᠴᠠ ᠪᠠᠨ ᠡᠭᠡᠭᠦᠯᠦᠨ ᠠᠪᠴᠢᠷᠠᠬᠤ ᠪᠠᠷ ᠲᠤᠩᠬᠠᠭᠯᠠᠵᠠᠶ᠃ ᠬᠤᠯᠪᠣᠭᠳᠠᠯ ᠪᠦᠬᠦᠢ ᠰᠦᠨ | ᠲᠠᠯᠬ᠎ᠠ ᠶᠢᠨ ᠲᠤᠬᠠᠶ ᠬᠡᠷᠡᠭᠯᠡᠭᠴᠢᠳ ᠡᠬᠦᠨ ᠠᠴᠠ ᠡᠮᠦᠨ᠎ᠡ ᠨᠢᠭᠡᠨᠲᠡ 4 ᠤᠳᠠᠭ᠎ᠠ ᠵᠠᠭᠠᠯᠳᠤᠵᠠᠶ᠃ ᠶᠠᠫᠧᠢ | ᠬᠡᠯᠡᠬᠦ ᠳᠡᠭᠡᠨ᠂ ᠶᠠᠰᠤ ᠴᠢᠨᠠᠷ ᠢ ᠰᠢᠯᠭᠠᠨ ᠪᠠᠶᠢᠴᠠᠭᠠᠬᠤ ᠶᠠᠪᠤᠴᠠ ᠶᠢᠨ ᠨᠢᠭᠡ ᠬᠡᠰᠡᠭ ᠪᠣᠯᠤᠭᠰᠠᠨ ᠤ ᠬᠤᠪᠢ ᠳᠤ᠂ | ᠺᠣᠮᠫᠠᠨᠢ ᠨᠢ ᠮᠢᠰᠢᠭᠠᠨ ᠵᠧᠤ ᠶᠢᠨ ᠦᠢᠯᠡᠳᠪᠦᠷᠢ ᠳᠤ ᠰᠢᠯᠭᠠᠨ ᠪᠠᠶᠢᠴᠠᠭᠠᠯᠲᠠ ᠬᠢᠵᠦ᠂ ᠦᠢᠯᠡᠳᠪᠦᠷᠢ ᠶᠢᠨ | ᠦᠢᠯᠡᠳᠬᠦᠨ ᠳᠤ ᠦᠯᠦ ᠬᠦᠷᠦᠯᠴᠡᠬᠦ ᠣᠷᠣᠨ ᠪᠦᠰᠡ ᠳᠤ ᠰᠧᠰᠡᠺᠢ ᠭᠡᠳᠡᠰᠦᠨ ᠤ ᠰᠠᠪᠬᠠᠨᠴᠢᠷ ᠪᠠᠺᠲ᠋ᠧᠷᠢ | ᠪᠠᠶᠢᠬᠤ ᠶᠢ ᠢᠯᠡᠷᠡᠭᠦᠯᠪᠡ᠂ ᠭᠡᠪᠡᠴᠦ ᠰᠠᠯᠮᠤᠨᠧᠯ ᠪᠠᠺᠲ᠋ᠧᠷᠢ ᠣᠷᠣᠰᠢᠵᠤ ᠪᠠᠶᠢᠬᠤ ᠶᠢ ᠭᠡᠷᠡᠴᠢᠯᠡᠬᠦ ᠭᠡᠷᠡᠴᠢ ᠪᠠᠷᠢᠮᠲᠠ | ᠥᠬᠡᠶ᠂ ᠣᠳᠣᠬᠠᠨ ᠳᠤ ᠪᠠᠶᠢᠴᠠᠭᠠᠯᠲᠠ ᠮᠥᠨ ᠯᠡ ᠶᠠᠪᠤᠭᠳᠠᠵᠤ ᠪᠠᠶᠢᠨ᠎ᠠ ᠭᠡᠵᠡᠶ᠃ ᠰᠧᠰᠡᠺᠢ ᠭᠡᠳᠡᠰᠦᠨ ᠤ | ᠰᠠᠪᠬᠠᠨᠴᠢᠷ ᠪᠠᠺᠲ᠋ᠧᠷᠢ ᠪᠣᠯ ᠣᠷᠴᠢᠨ ᠲᠣᠭᠤᠷᠢᠨ ᠳᠤ ᠣᠷᠣᠰᠢᠵᠤ ᠪᠠᠶᠢᠭ᠎ᠠ ᠨᠢᠭᠡ ᠵᠦᠢᠯ ᠤᠨ ᠡᠪᠡᠳᠴᠢᠨ ᠡᠭᠦᠰᠭᠡᠬᠦ | ᠪᠠᠺᠲ᠋ᠧᠷᠢ ᠮᠥᠨ᠂ 0 - 6 ᠰᠠᠷ᠎ᠠ ᠶᠢᠨ ᠨᠢᠯᠬ᠎ᠠ ᠬᠡᠦᠬᠡᠳ᠂ ᠢᠯᠠᠩᠭᠤᠶ᠎ᠠ ᠡᠷᠲᠡ ᠦᠵᠡᠭᠳᠡᠭᠰᠡᠨ ᠬᠡᠦᠬᠡᠳ᠂ | ᠪᠡᠶ᠎ᠡ ᠶᠢᠨ ᠬᠦᠨᠳᠦ ᠨᠢ ᠳᠣᠣᠷ᠎ᠠ ᠬᠡᠦᠬᠡᠳ ᠵᠢᠴᠢ ᠡᠭᠡᠯᠢᠯᠡᠭᠡ ᠶᠢᠨ ᠴᠢᠳᠠᠪᠤᠷᠢ ᠨᠢ ᠳᠤᠲᠠᠮᠠᠭ ᠨᠢᠯᠬ᠎ᠠ ᠬᠡᠦᠬᠡᠳ ᠲᠤ | ᠨᠡᠯᠢᠶᠡᠳ ᠥᠨᠳᠥᠷ ᠡᠷᠡᠭᠦᠯ ᠮᠡᠨᠳᠦ ᠶᠢᠨ ᠠᠶᠤᠯ ᠲᠠᠢ ᠪᠠᠶᠢᠳᠠᠭ᠃ |