ᠴᠡᠭᠡᠨ | | ᠢᠷᠠᠭᠤ ᠮᠤᠩᠭᠤᠯ ᠡᠭᠡᠰᠢᠭ ᠲᠠᠢ | ᠢᠷᠭᠤᠢ ᠴᠡᠴᠡᠭ ᠤᠨ ᠡᠮᠵᠢᠶᠡᠷᠢ ᠲᠠᠢ | ᠡᠩᠭᠦᠷᠡᠢ ᠪᠠᠭᠠᠴᠤᠳ ᠤᠨ ᠮᠦᠰᠢᠶᠡᠯ ᠲᠠᠢ | ᠡᠯᠢᠭᠡᠨ ᠬᠠᠶᠢᠷᠠᠲᠤ ᠡᠬᠡ ᠰᠤᠷᠭᠠᠭᠤᠯᠢ ᠮᠢᠨᠢ | ᠠᠷᠢᠭᠤᠨ ᠬᠦᠯᠦᠰᠦ ᠪᠠᠨ ᠤᠷᠤᠰᠬᠠᠭᠰᠠᠨ | ᠠᠴᠢᠲᠤ ᠪᠠᠭᠰᠢ ᠶᠢᠨ ᠬᠦᠮᠦᠵᠢᠯ ᠲᠠᠢ | ᠠᠯᠲᠠᠨ ᠲᠤᠭ ᠢᠶᠠᠨ ᠡᠷᠭᠦᠨ ᠮᠠᠨᠲᠤᠭᠤᠯᠤᠭᠰᠠᠨ | ᠠᠭᠤᠤ ᠰᠤᠶᠤᠯ ᠤᠨ ᠬᠡᠶᠢᠮᠤᠷᠢ ᠲᠠᠢ | ᠡᠷᠳᠡᠮ ᠤᠨ ᠵᠢᠯᠤᠭᠤ ᠶᠢ ᠠᠳᠬᠤᠭᠤᠯᠤᠭᠰᠠᠨ | ᠡᠷᠳᠡᠮᠲᠤ ᠪᠠᠭᠰᠢ ᠶᠢᠨ ᠡᠩᠨᠡᠭᠡ ᠲᠠᠢ | ᠡᠷᠴᠢ ᠵᠤᠷᠢᠭ ᠢᠶᠠᠨ ᠬᠦᠪᠴᠢᠯᠡᠭᠰᠡᠨ | ᠡᠩᠭᠦᠷᠡᠢ ᠬᠡᠤᠬᠡᠳ ᠤᠨ ᠨᠢᠭᠲᠠᠷᠠᠯ ᠲᠠᠢ | ᠨᠠᠶᠢᠷᠰᠠᠭ ᠤᠯᠠᠨ ᠬᠡᠤᠬᠡᠳ ᠤᠨ | ᠨᠠᠷᠭᠢᠶᠠᠨ ᠨᠠᠭᠠᠳᠤᠮ ᠤᠨ ᠬᠦᠭᠵᠢᠶᠡᠨ ᠲᠠᠢ | ᠨᠠᠮ ᠢᠶᠠᠨ ᠬᠠᠶᠢᠷᠠᠯᠠᠨ ᠬᠦᠨᠲᠦᠳᠭᠡᠳᠡᠭ | ᠨᠠᠨᠳᠢᠨ ᠰᠠᠶᠢᠬᠠᠨ ᠮᠤᠷᠠᠯ ᠲᠠᠢ | ᠪᠠᠭᠠᠴᠤᠳ ᠬᠡᠤᠬᠡᠳ ᠤᠨ ᠬᠦᠭᠵᠢᠶᠡᠨ ᠪᠢᠯᠬᠠᠭᠰᠠᠨ | ᠪᠠᠶᠠᠷ ᠵᠢᠷᠭᠠᠯᠲᠤ ᠮᠢᠨᠦ ᠰᠤᠷᠭᠠᠭᠤᠯᠢ | ᠪᠠᠳᠮ᠎ᠠ ᠯᠢᠩᠬᠤᠸ᠎ᠠ ᠴᠡᠴᠡᠭ ᠰᠢᠭ | ᠪᠠᠳᠠᠷᠠᠨ ᠲᠡᠯᠭᠡᠷᠡᠭᠰᠡᠨ ᠮᠢᠨᠦ ᠰᠤᠷᠭᠠᠭᠤᠯᠢ᠃ | | ᠡᠵᠡᠨ ᠬᠤᠷᠤᠭ᠎ᠠ ᠬᠤᠰᠢᠭᠤᠨ ᠤ ᠮᠤᠩᠭᠤᠯ | ᠦᠨᠲᠦᠰᠦᠲᠡᠨ ᠤ ᠪᠠᠭ᠎ᠠ ᠰᠤᠷᠭᠠᠭᠤᠯᠢ 4.2 ᠠᠩᠭᠢ |