ᠦᠤᠰᠢᠨᠴᠢᠮᠡᠭ | | ︽ᠰᠠᠶᠢᠨ ᠤᠤ︖︾ ᠭᠡᠵᠤ ᠲᠠᠨ ᠲᠠᠢ ᠮᠡᠨᠳᠦᠯᠡᠶᠡ᠂ | ︽ᠰᠠᠶᠢᠨ︾ ᠭᠡᠵᠤ ᠦᠴᠢᠭᠡ ᠶᠢ ᠴᠢᠨᠢ ᠰᠤᠨᠤᠰᠤᠶ᠎ᠠ᠂ | ᠢᠡᠭᠭᠢᠵᠤ ᠠᠭᠤᠯᠵᠠᠭᠰᠠᠨ ᠬᠤᠶᠠᠷ ᠬᠦᠮᠦᠨ ᠢ | ᠡᠨᠡ ᠲᠡᠯᠡᠬᠡᠢ ᠮᠤᠩᠭᠤᠯ ᠭᠡᠳᠡᠭ᠃ | ᠢᠡᠭᠭᠢᠵᠤ ᠬᠡᠯᠡᠭᠰᠡᠨ ᠬᠤᠶᠠᠷ ᠦᠭᠡ ᠶᠢ ᠴᠦ | ᠡᠨᠡ ᠲᠡᠯᠡᠭᠡᠢ ᠮᠤᠩᠭᠤᠯ ᠭᠡᠳᠡᠭ᠃ | ᠮᠤᠩᠭᠤᠯ ᠦᠨᠲᠦᠰᠦᠲᠡᠨ ᠪᠤᠯ ᠲᠡᠯᠡᠬᠡᠢ ᠶᠢᠷᠲᠢᠨᠴᠤ ᠶᠢ ᠲᠤᠩᠰᠤᠯᠭᠠᠭᠰᠠᠨ ᠠᠭᠤᠤ ᠲᠠᠤᠬᠡ ᠲᠠᠢ᠂ ᠦᠪᠡᠷ | ᠤᠨ ᠦᠭᠡ ᠬᠡᠯᠡ ᠦᠰᠦᠭ ᠪᠢᠴᠢᠭ ᠲᠠᠢ᠂ ᠦᠪᠡᠷ ᠤᠨ ᠤᠯᠠᠮᠵᠢᠯᠠᠯᠲᠤ ᠰᠤᠶᠤᠯ ᠢᠷᠭᠡᠨᠰᠢᠯ᠂ ᠵᠠᠩ ᠲᠠᠳᠬᠠᠯ ᠲᠠᠢ | ᠦᠨᠲᠦᠰᠦᠲᠡᠨ ᠪᠤᠯᠬᠤ ᠶᠤᠮ᠃ ᠡᠵᠡᠨ ᠪᠤᠭᠲᠠ ᠴᠢᠩᠭᠢᠰ ᠬᠠᠭᠠᠨ ᠲᠠᠷᠬᠠᠢ ᠪᠤᠲᠠᠷᠬᠠᠢ ᠮᠤᠩᠭᠤᠯ ᠤᠨ ᠡᠯ᠎ᠡ ᠠᠶᠢᠮᠠᠭ | ᠤᠭᠰᠠᠭ᠎ᠠ ᠶᠢ ᠨᠢᠭᠡᠳᠭᠡᠨ᠂ ᠠᠭᠲᠠ ᠶᠢᠨ ᠲᠤᠭᠤᠷᠠᠢ ᠪᠠᠷ ᠠᠽᠢᠶ᠎ᠠ ᠡᠸ᠋ᠷᠦ᠋ᠫᠠ ᠶᠢ ᠲᠤᠩᠰᠤᠯᠭᠠᠵᠤ ᠬᠦᠮᠦᠨ | ᠲᠦᠷᠦᠯᠬᠢᠲᠡᠨ ᠤ ᠲᠡᠤᠬᠡᠨ ᠲᠡᠭᠡᠷ᠎ᠡ ᠨᠤᠲᠤᠭ ᠲᠡᠪᠢᠰᠭᠡᠷ ᠢᠶᠠᠷ ᠬᠠᠮᠤᠭ ᠤᠨ ᠠᠭᠤᠲᠠᠮ ᠶᠡᠭᠡ ᠮᠤᠩᠭᠤᠯ ᠤᠯᠤᠰ ᠢ | ᠪᠠᠶᠢᠭᠤᠯᠤᠭᠰᠠᠨ ᠪᠠᠶᠢᠨ᠎ᠠ᠃ ᠤᠲᠤ ᠶᠢᠨ ᠲᠡᠯᠡᠬᠡᠢ ᠶᠢᠨ ᠡᠯ᠎ᠡ ᠤᠯᠤᠰ ᠤᠨ ᠨᠤᠲᠤᠭ ᠲᠡᠪᠢᠰᠭᠡᠷ᠂ ᠤᠯᠤᠰ ᠲᠦᠷᠦ | ᠶᠢᠨ ᠰᠧᠰᠲ᠋ᠧᠮ᠂ ᠬᠦᠨ ᠤᠬᠠᠭᠠᠨ᠂ ᠰᠢᠨᠵᠢᠯᠡᠭᠡ ᠮᠡᠷᠭᠡᠵᠢᠯ᠂ ᠲᠠᠶᠢᠨ ᠪᠠᠶᠢᠯᠲᠤᠭᠠᠨ᠂ ᠠᠷᠠᠯᠵᠢᠶ᠎ᠠ ᠬᠤᠳᠠᠯᠲᠤᠭ᠎ᠠ᠂ | ᠰᠤᠶᠤᠯ ᠵᠡᠷᠬᠡ ᠬᠦᠷᠢᠶ᠎ᠡ ᠴᠠᠷᠠᠭ᠎ᠠ ᠶᠢ ᠮᠦᠨ ᠵᠤᠬᠢᠬᠤ ᠲᠠᠯ᠎ᠠ ᠪᠠᠷ ᠨᠦᠯᠦᠭᠡᠯᠡᠭᠰᠡᠨ ᠪᠠᠶᠢᠳᠠᠭ ᠠᠴᠠ ᠲᠡᠤᠬᠡ ᠶᠢᠨ | ᠡᠷᠳᠡᠮᠲᠡᠳ ᠠᠴᠠ ᠴᠢᠩᠭᠢᠰ ᠬᠠᠭᠠᠨ ᠢ ︽ᠲᠡᠯᠡᠭᠡᠢ ᠶᠢᠨ ᠨᠤᠶᠠᠷᠬᠠᠭᠴᠢ︾ ︽ᠲᠡᠤᠬᠡᠨ ᠳᠤ ᠤᠷᠢᠳ ᠭᠠᠷᠤᠭ᠎ᠠ | ᠦᠭᠡᠢ ᠠᠮᠵᠢᠯᠲᠠ ᠤᠯᠤᠭᠰᠠᠨ ᠬᠦᠮᠦᠨ︾ ︽ᠮᠢᠩᠭᠠᠨ ᠤᠨ ᠤ ᠭᠠᠶᠢᠬᠠᠮᠰᠢᠭᠲᠤ ᠬᠦᠮᠦᠨ︾ ᠬᠡᠮᠡᠨ ᠦᠨᠡᠯᠡᠨ | ᠲᠡᠤᠬᠡ ᠱᠠᠰᠲᠢᠷ ᠳᠠᠭᠠᠨ ᠲᠡᠮᠲᠡᠭᠯᠡᠨ ᠤᠷᠤᠭᠤᠯᠤᠭᠰᠠᠨ ᠪᠠᠶᠢᠨ᠎ᠠ᠃ | ᠡᠪᠦᠭᠡ ᠲᠡᠭᠡᠳᠦᠰ ᠤᠨ ᠮᠠᠨᠢ ᠬᠡᠬᠡᠨ ᠤᠶᠤᠨ ᠰᠠᠷᠠᠭᠤᠯ ᠪᠢᠯᠢᠭ ᠨᠤᠭᠤᠷᠠᠰᠢ ᠦᠭᠡᠢ ᠬᠠᠳᠠᠨ ᠵᠤᠷᠢᠭ ᠶᠢ | ᠦᠮᠴᠢᠯᠡᠨ ᠵᠠᠯᠭᠠᠮᠵᠢᠯᠠᠭᠰᠠᠨ ᠮᠤᠬᠤᠯᠠᠢ᠂ ᠪᠤᠭᠤᠷᠴᠤ᠂ ᠰᠢᠬᠢᠬᠤᠲᠤᠬᠤ᠂ ᠠᠷᠭᠤᠢ᠂ ᠢᠨᠵᠠᠨᠨᠠᠰᠢ᠂ ᠲᠡᠮᠡᠭᠡᠲᠤ᠂ | ᠮᠢᠩᠭᠠᠲᠤ᠂ ᠰᠢᠭᠤᠷᠭᠠᠨ᠂ ᠪᠤᠷᠵᠢᠬᠢᠨ ᠭᠡᠷᠡᠯᠲᠤ ᠬᠡᠬᠦ ᠮᠡᠲᠦ ᠶᠢᠨ ᠲᠤᠭ᠎ᠠ ᠲᠤᠮᠰᠢ ᠦᠭᠡᠢ ᠴᠢᠳᠠᠪᠤᠷᠢᠲᠠᠨ ᠮᠡᠷᠭᠡᠳ | ᠰᠢᠨᠵᠢᠯᠡᠬᠦ ᠤᠬᠠᠭᠠᠨᠲᠠᠳ ᠴᠤᠯᠭᠤᠷᠠᠨ ᠭᠠᠷᠴᠤ ᠬᠦᠮᠦᠨ ᠲᠦᠷᠦᠯᠭᠢᠲᠡᠨ ᠤ ᠬᠦᠭᠵᠢᠯᠲᠡ ᠶᠢᠨ ᠦᠢᠯᠡᠰ ᠲᠤ ᠨᠡᠮᠡᠭᠦᠷᠢ | ᠬᠠᠨᠲᠢᠪ ᠢᠶᠠᠨ ᠡᠷᠭᠦᠭᠰᠡᠭᠡᠷ ᠢᠷᠡᠭᠰᠡᠨ ᠪᠠᠶᠢᠨ᠎ᠠ᠃ ᠮᠤᠩᠭᠤᠯ ᠬᠦᠮᠦᠨ ᠬᠡᠵᠤ ᠬᠠᠨ ᠠᠭᠤᠯᠠ ᠶᠢᠨ ᠴᠢᠯᠠᠭᠤ ᠰᠢᠭ | ᠬᠠᠳᠠᠨ ᠵᠤᠷᠢᠭ ᠲᠠᠢ᠂ ᠬᠠᠨᠠᠭᠠᠷ ᠠᠭᠤᠲᠠᠮ ᠮᠦᠷᠡᠨ ᠰᠢᠭ ᠠᠭᠤᠲᠠᠮ ᠪᠠᠭᠲᠠᠭᠠᠮᠵᠢ ᠲᠠᠢ᠂ ᠬᠦᠴᠢᠷ ᠪᠡᠷᠭᠡ ᠶᠢᠨ | ᠡᠮᠦᠨ᠎ᠡ ᠬᠤᠭᠤᠷᠠᠬᠤ ᠠᠴᠠ ᠪᠢᠰᠢ ᠨᠤᠭᠤᠷᠠᠳᠠᠭ ᠦᠭᠡᠢ ᠡᠷᠴᠢ ᠵᠤᠷᠢᠭ᠂ ᠰᠢᠨ᠎ᠡ ᠶᠢ ᠰᠦᠪᠡᠭᠴᠢᠯᠡᠨ ᠰᠢᠨ᠎ᠡ ᠶᠢ | ᠡᠭᠦᠳᠳᠡᠭ ᠰᠡᠷᠭᠡᠭ ᠤᠢ ᠪᠢᠯᠢᠭ ᠨᠢ ︽ᠮᠤᠩᠭᠤᠯ︾ ᠭᠡᠭᠦ ᠮᠤᠨᠲᠠᠭ ᠨᠡᠷ᠎ᠡ ᠪᠠᠨ ᠡᠩ ᠲᠡᠯᠡᠬᠡᠢ ᠶᠢᠨ ᠦᠷᠦᠴᠡᠨ ᠳᠤ | ᠬᠡᠶᠢᠮᠤᠷᠢ ᠡᠷᠭᠦᠵᠤ ᠶᠠᠪᠤᠭᠰᠠᠨ ᠤᠯᠠ ᠮᠦᠷ ᠲᠠᠢ ᠪᠢᠯᠡ᠃ ᠮᠤᠩᠭᠤᠯ ᠦᠰᠦᠭ ᠪᠢᠴᠢᠭ ᠬᠡᠪᠡᠯ ᠲᠡᠯᠡᠭᠡᠢ ᠲᠡᠭᠡᠷ᠎ᠡ | ᠴᠤᠷᠢ ᠶᠢᠨ ᠭᠠᠭᠴᠠ ᠦᠮᠯᠡᠨ ᠦᠯᠡᠳᠡᠵᠤ ᠦᠯᠡᠳᠡᠵᠤ ᠪᠠᠶᠢᠭ᠎ᠠ ᠪᠤᠰᠤᠭ᠎ᠠ ᠦᠰᠦᠭ ᠪᠤᠯᠬᠤ ᠶᠤᠮ᠃ ᠮᠤᠩᠭᠤᠯ ᠦᠭᠡ | ᠬᠡᠯᠡ ᠪᠤᠯ ᠬᠡᠯᠡᠭᠦ ᠳᠤ ᠤᠷᠤᠰᠤᠮ᠎ᠠ ᠲᠤᠲᠤ᠂ ᠦᠭᠡᠰ ᠤᠨ ᠰᠠᠩ ᠤᠨᠴᠠ ᠪᠠᠶᠠᠯᠢᠭ᠂ ᠢᠷᠠᠭᠤ ᠠᠶᠢᠵᠢᠮᠯᠢᠭ | ᠭᠠᠶᠢᠬᠠᠮᠰᠢᠭᠲᠤ ᠬᠡᠯᠡ ᠪᠤᠯᠬᠤ ᠶᠤᠮ᠃ ︽ᠨᠢᠭᠡ ᠦᠨᠲᠦᠰᠦᠲᠡᠨ ᠬᠡᠷᠪᠡ ᠮᠦᠬᠦᠭᠰᠡᠨ ᠪᠤᠯ᠂ ᠲᠡᠷᠡ ᠬᠦ᠋ | ᠦᠨᠲᠦᠰᠦᠲᠡᠨ ᠤ ᠦᠭᠡ ᠬᠡᠯᠡ ᠦᠰᠦᠭ ᠪᠢᠴᠢᠭ ᠶᠢ ᠮᠠᠷᠳᠠᠭᠠᠳᠦᠢ ᠪᠠᠶᠢᠪᠠᠯ ᠱᠤᠷᠤᠩ ᠤᠨ ᠡᠭᠦᠳᠡᠨ ᠤ ᠲᠦᠯᠬᠢᠬᠦᠷ | ᠢ ᠠᠳᠬᠤᠵᠤ ᠪᠠᠶᠢᠭ᠎ᠠ ᠲᠠᠢ ᠠᠳᠠᠯᠢ ᠪᠢᠯᠡ᠃︾ ᠭᠡᠵᠤ ᠠ᠊᠂ ᠳ᠋ᠠᠤᠲ᠋ᠠᠢ ︽ᠬᠠᠮᠤᠭ ᠰᠡᠭᠦᠯᠴᠢ ᠶᠢᠨ ᠬᠢᠴᠢᠶᠡᠯ︾ ᠬᠡᠭᠦ | ᠵᠤᠬᠢᠶᠠᠯ ᠳᠠᠭᠠᠨ ᠪᠢᠴᠢᠭᠰᠡᠨ ᠪᠠᠶᠢᠳᠠᠭ᠃ ᠡᠭᠦᠨ ᠠᠴᠠ ᠦᠵᠡᠭᠦ ᠳᠤ᠂ ᠦᠨᠲᠦᠰᠦᠲᠡᠨ ᠤ ᠦᠭᠡ ᠬᠡᠯᠡ ᠦᠰᠦᠭ | ᠪᠢᠴᠢᠭ ᠨᠢ ᠦᠨᠲᠤᠰᠦᠲᠡᠨ ᠤ ᠬᠦᠭᠵᠢᠯ ᠮᠠᠨᠲᠤᠯ᠂ ᠤᠷᠤᠰᠢᠨ ᠲᠤᠭᠲᠠᠨᠢᠯ ᠤᠨ ᠠᠮᠢᠨ ᠰᠦᠨᠡᠰᠦ ᠨᠢ ᠪᠤᠯᠬᠤ ᠶᠤᠮ᠃ | ᠡᠶᠢᠮᠦᠷᠭᠦ ᠭᠠᠶᠢᠬᠠᠮᠰᠢᠭᠲᠤ ᠲᠡᠤᠬᠡ ᠲᠠᠢ᠂ ᠤᠯᠠᠮᠵᠢᠯᠠᠯᠲᠤ ᠲᠡᠤᠬᠡ ᠰᠤᠶᠤᠯ ᠲᠠᠢ ᠮᠤᠩᠭᠤᠯ ᠦᠨᠲᠦᠰᠦᠲᠡᠨ ᠤ | ᠦᠷ᠎ᠡ ᠬᠤᠶᠢᠴᠢᠰ ᠨᠢ ᠪᠤᠯᠵᠤ ᠵᠠᠶᠠᠭᠠᠭᠰᠠᠨ ᠮᠠᠨᠢ ᠶᠠᠭᠤᠲᠠᠢ ᠠᠵᠠᠲᠠᠢ᠂ ᠶᠠᠭᠤᠲᠠᠢ ᠪᠠᠶᠠᠷ ᠪᠠᠭ᠋ᠠᠳᠤᠯ ᠲᠠᠢ ᠤᠴᠠᠷᠠᠯ | ᠪᠤᠯᠬᠤ ᠪᠢᠯᠡ | ᠃ | ᠪᠢᠲᠡ ᠡᠨᠡᠬᠦ ︽ᠠᠵᠠᠲᠠᠢ ᠤᠴᠠᠷᠠᠯ︾ ᠢᠶᠠᠨ ᠰᠡᠳᠭᠡᠯ ᠤᠨ ᠬᠦᠨ ᠠᠴᠠ ᠪᠠᠨ ᠨᠠᠨᠳᠢᠩᠨᠠᠨ ᠦᠪᠡᠷ ᠤᠨ | ᠦᠨᠲᠦᠰᠦᠳᠡᠨ ᠤ ᠪᠠᠨ ᠰᠤᠶᠤᠯ ᠲᠡᠤᠬᠡ᠂ ᠵᠠᠩ ᠦᠢᠯᠡ ᠶᠢ ᠦᠪᠯᠡᠨ ᠵᠠᠯᠭᠠᠮᠵᠢᠯᠠᠵᠤ ᠲᠡᠯᠡᠭᠡᠢ ᠶᠢᠷᠳᠢᠨᠴᠤ ᠳᠤ | ᠪᠠᠳᠠᠷᠠᠭᠤᠯᠤᠨ ᠲᠠᠭᠤᠷᠢᠰᠤᠭᠤᠯᠵᠤ ᠶᠠᠪᠤᠬᠤ ᠨᠢ ᠲᠦᠮᠡᠨ ᠵᠦᠪ᠃ ᠮᠤᠩᠭᠤᠯ ᠬᠦᠮᠦᠨ ᠪᠦᠬᠦᠨ ᠪᠦᠷ ᠡᠨᠡᠬᠦ ᠨᠠᠨᠳᠢᠨ | ᠡᠬᠦᠷᠭᠡ ᠬᠠᠷᠢᠭᠤᠴᠠᠯᠭ᠎ᠠ ᠪᠠᠨ ᠡᠭᠦᠷᠭᠡᠯᠡᠨ ᠠᠪᠴᠤ ᠬᠦᠭᠵᠢᠬᠦᠯᠵᠤ ᠶᠠᠪᠤᠬᠤ ᠬᠡᠷᠡᠭᠲᠠᠢ᠃ ᠮᠤᠩᠭᠤᠯ ᠦᠨᠲᠦᠰᠦᠲᠡᠨ ᠤ | ᠦᠪᠡᠷᠮᠢᠴᠡ ᠤᠯᠠᠮᠵᠢᠯᠠᠯᠲᠤ ᠵᠠᠩ ᠦᠢᠯᠡ ᠨᠢ ᠪᠦᠷ ᠴᠠᠭᠠᠨ᠎ᠠ ᠪᠠᠨ ᠬᠦᠨ ᠤᠳᠬ᠎ᠠ ᠠᠭᠤᠯᠭ᠎ᠠ ᠲᠠᠢ ᠪᠠᠶᠢᠬᠤ ᠶᠢ | ᠨᠠᠷᠢᠪᠴᠢᠯᠠᠨ ᠰᠡᠳᠭᠢᠬᠦ ᠬᠡᠷᠡᠭᠲᠠᠢ᠃ ᠵᠢᠱᠢᠶᠡᠯᠡᠪᠡᠯ᠄ ᠴᠠᠭᠠᠨ ᠢᠳᠡᠭᠡ ᠶᠢ ᠠᠰᠬᠠᠵᠤ ᠴᠢᠳᠬᠤᠳᠠᠭ ᠦᠭᠡᠢ᠂ ᠮᠤᠷᠢ ᠶᠢ | ᠵᠦᠪ ᠲᠠᠯ᠎ᠠ ᠠᠴᠠ ᠨᠢ ᠮᠤᠷᠳᠠᠳᠠᠭ᠂ ᠡᠭᠦᠲᠡ ᠠᠯᠲᠠᠯᠠᠵᠤ ᠵᠤᠭᠰᠤᠳᠠᠭ ᠦᠭᠡᠢ᠂ ᠵᠡᠷᠭᠡ ᠶᠡᠭᠡ ᠤᠯᠠᠨ ᠴᠡᠭᠡᠷ ᠶᠤᠰᠤ | ᠪᠠᠶᠢᠬᠤ ᠪᠠᠷ ᠦᠯᠦ ᠪᠡᠷᠠᠨ ᠰᠤᠷ ᠬᠠᠷᠪᠤᠬᠤ᠂ ᠪᠦᠬᠡ ᠪᠠᠷᠢᠯᠲᠤᠬᠤ᠂ ᠮᠤᠷᠢ ᠤᠷᠤᠯᠲᠤᠬᠤ ᠵᠡᠷᠭᠡ ᠡᠷ᠎ᠡ ᠶᠢᠨ ᠭᠤᠷᠪᠠᠨ | ᠨᠠᠭᠠᠳᠤᠮ ᠪᠠᠶᠢᠳᠠᠭ ᠪᠢᠯᠡ᠃ | ᠮᠤᠩᠭᠤᠯ ᠦᠨᠲᠤᠰᠦᠲᠡᠨ ᠤ ᠦᠷ᠎ᠡ ᠬᠤᠶᠢᠴᠢᠰ ᠨᠢ ᠪᠤᠯᠵᠤ ᠵᠠᠶᠠᠭᠠᠭᠰᠠᠨ ᠮᠠᠨᠢ ᠭᠡᠳᠦᠢ ᠶᠡᠭᠡ ᠠᠵᠠ ᠪᠢᠯᠡ︖ | ᠭᠡᠳᠦᠢ ᠶᠡᠭᠡ ᠤᠮᠤᠭᠰᠢᠯ ᠪᠠᠭ᠋ᠠᠷᠬᠠᠯ ᠪᠢᠯᠡ᠃ ᠤᠷᠭᠢᠯᠵᠤ ᠪᠠᠶᠢᠭ᠎ᠠ ᠴᠢᠰᠤᠨ ᠳᠤ ᠮᠠᠨᠢ ᠮᠤᠩᠭᠤᠯ ᠤᠲᠤᠮ ᠤᠨ | ᠴᠢᠰᠤ ᠤᠷᠤᠰᠴᠤ ᠪᠠᠶᠢᠭ᠎ᠠ ᠨᠢ ᠬᠡᠳᠦᠢ ᠶᠡᠭᠡ ᠠᠵᠠᠲᠠᠢ ᠤᠴᠠᠷᠠᠯ ᠪᠤᠯᠬᠤ ᠪᠢᠯᠡ᠃ ᠡᠨᠢᠬᠦ ᠠᠭᠤᠤ ᠶᠡᠭᠡ ᠬᠤᠪᠢ | ᠲᠠᠪᠢᠯᠠᠩ ᠮᠠᠨᠢ ᠮᠤᠩᠭᠤᠯ ᠦᠷᠡᠰ ᠪᠢᠲᠡᠨ ᠤ ᠬᠡᠶᠢᠮᠤᠷᠢ ᠶᠢ ᠢᠪᠡᠭᠡᠨ᠂ ᠦᠡᠭᠭᠡᠲᠤ ᠬᠤᠷᠸ᠎ᠠ ᠳᠤ ᠦᠪᠡᠷ ᠤᠨ ᠦᠡᠭᠭᠡ | ᠭᠡᠷᠡᠯ ᠢᠶᠠᠨ ᠪᠠᠳᠠᠷᠠᠭᠤᠯᠵᠤ ᠶᠠᠪᠤᠬᠤ ᠳᠤ ᠠᠭᠤᠯᠠ ᠨᠢᠷᠤᠭᠤᠳ ᠠᠴᠠ ᠪᠠᠲᠤ ᠪᠠᠬᠢ ᠰᠠᠭᠤᠷᠢ ᠶᠢ ᠲᠡᠪᠢᠰᠴᠤ ᠦᠭᠬᠦ ᠨᠢ | ᠯᠠᠪ᠃ ᠠᠵᠠᠲᠠᠢ ᠰᠠᠶᠢᠬᠠᠨ ᠤᠴᠠᠷᠠᠯ ᠢᠶᠠᠨ ᠡᠷᠭᠢᠮᠨᠡᠨ ᠨᠠᠨᠳᠢᠩᠨᠠᠨ᠂ ᠠᠪᠴᠤ ᠶᠠᠪᠤᠵᠤ ᠪᠠᠶᠢᠭ᠎ᠠ ᠪᠦᠬᠦ ᠬᠦᠴᠤ ᠵᠤᠷᠢᠭ | ᠢᠶᠠᠷ ᠢᠶᠠᠨ ᠮᠤᠩᠭᠤᠯ ᠬᠡᠬᠦ ᠨᠢᠭᠡᠨ ᠮᠦᠡᠭᠭᠡ ᠶᠢᠨ ᠰᠢᠳᠢᠲᠤ ᠨᠡᠷ᠎ᠡ ᠶᠢᠨ ᠲᠦᠯᠦᠭᠡᠨ᠎ᠡ ᠡᠷᠴᠢ ᠵᠤᠷᠢᠭ ᠢᠶᠠᠨ | ᠬᠦᠪᠴᠢᠯᠡᠨ᠂ ᠤᠶᠤᠨ ᠪᠢᠯᠢᠭ ᠢᠶᠠᠨ ᠬᠤᠷᠴᠠᠯᠠᠨ ᠲᠡᠯᠡᠬᠡᠢ ᠶᠢᠨ ᠰᠤᠶᠤᠯ ᠤᠨ ᠨᠤᠶᠠᠨ ᠤᠷᠭᠢᠯ ᠳᠤ ︽ᠮᠤᠩᠭᠤᠯ︾ | ᠭᠡᠭᠦ ᠨᠡᠷ᠎ᠡ ᠶᠢ ᠲᠠᠭᠢᠨᠲᠠ ᠲᠠᠮᠠᠭᠠᠯᠠᠨ ᠰᠦᠨᠲᠡᠷᠯᠡᠭᠦᠯᠬᠦ ᠪᠠᠷ ᠴᠢᠷᠮᠠᠶᠢᠨ ᠶᠠᠪᠤᠬᠤ ᠨᠢ ᠠᠵᠠ ᠵᠠᠶᠠᠭᠠᠲᠤ ᠮᠤᠩᠭᠤᠯ | ᠦᠷᠡᠰ ᠪᠢᠳᠡᠨ ᠤ ᠮᠦᠡᠭᠬᠡ ᠶᠢᠨ ᠡᠭᠦᠷᠬᠡ ᠲᠡᠮᠡᠴᠡᠨ ᠤᠯᠬᠤ ᠡᠴᠦᠰ ᠤᠨ ᠢᠯᠠᠯᠲᠠ ᠪᠤᠯᠬᠤ ᠨᠢ ᠲᠠᠮᠵᠢᠭ ᠦᠭᠡᠢ᠃ | | | ᠡᠵᠡᠨ ᠬᠤᠷᠤᠭ᠎ᠠ ᠬᠤᠰᠢᠭᠤᠨ ᠤ ᠮᠤᠩᠭᠤᠯ ᠦᠨᠲᠦᠰᠦᠲᠡᠨ ᠤ | ᠲᠤᠮᠲᠠᠲᠤ ᠰᠤᠷᠭᠠᠭᠤᠯᠢ ᠶᠢᠨ ᠲᠡᠭᠡᠲᠤ42 ᠳ᠋ᠤᠭᠠᠷ ᠪᠦᠯᠦᠭ | | | | | | | | | | | | | | | |