︽ᠪᠠᠨᠳᠢᠳᠠ ᠶᠢᠨ ᠲᠤᠭᠠᠩ︾᠎ ᠤᠨ ᠲᠤᠬᠠᠢ ᠳᠠᠮ ᠰᠤᠨᠤᠰᠬᠠᠯ
ᠨᠡᠶᠢᠲᠡᠯᠡᠭᠰᠡᠨ ᠴᠠᠭ᠄
2019-11-21
     ᠡᠷᠳᠡ ᠨᠢᠭᠡᠨ ᠴᠠᠭ ᠲᠤ᠂ ᠤᠳᠠᠢ ᠭᠡᠶᠢᠳ ᠤᠨ ᠲᠠᠪᠤᠨ ᠵᠠᠭᠤᠨ ᠪᠠᠨᠲᠢ ᠮᠥᠨ ᠮᠥᠷ ᠢ ᠤᠯᠬᠤ ᠪᠠᠷ ᠪᠤᠷᠬᠠᠨ ᠎ ᠤ ᠤᠷᠤᠨ ᠮᠥᠩᠬᠡᠵᠤᠤ ︵ᠤᠳᠤ ᠶᠢᠨ ᠯᠾᠰᠠ ᠬᠤᠳᠠ︶᠎ ᠳᠤ ᠮᠥᠷᠭᠦᠯ ᠬᠢᠭᠡᠳ ᠪᠤᠴᠠᠬᠤ ᠵᠠᠮ ᠳᠠᠭᠠᠨ ᠮᠤᠤᠠᠤᠰᠤ ᠎ ᠶᠢᠨ ᠡᠯᠡᠰᠤᠨ ᠪᠠᠷ ᠵᠡᠭᠦᠨ ᠡᠮᠤᠨ᠎ᠡ ᠭᠥᠪᠡᠭᠡ ᠵᠠᠯᠭᠠᠭᠰᠠᠨ ᠵᠠᠰᠠᠭ ᠤᠨ ᠬᠤᠳᠤᠭᠤᠷ ᠤᠨ ᠪᠠᠷᠠᠭᠤᠨ ᠬᠤᠶᠢᠳᠤ ᠰᠢᠯᠢ ᠎ ᠳᠤ ᠭᠥᠷᠴᠥ ᠢᠷᠡᠵᠠᠢ᠃ ᠠᠳᠡ ᠠᠬᠢ ᠬᠢᠯᠭᠠᠨ᠎ᠠ ᠬᠠᠯᠢᠭᠤᠷᠠᠨ ᠠᠷᠪᠠᠨ ᠥᠩᠭᠡ ᠶᠢᠨ ᠴᠡᠴᠡᠭ ᠬᠤᠸᠠᠷ ᠥᠩᠭᠡ ᠪᠤᠯᠢᠶᠠᠯᠳᠤᠨ ᠳᠡᠯᠭᠡᠷᠡᠭᠡᠳ ᠲᠠᠪᠤᠨ ᠵᠠᠭᠤᠨ ᠪᠠᠨᠳᠢ ᠶᠢᠨ ᠵᠢᠯᠪᠢ ᠶᠢ ᠨᠢ ᠭᠥᠳᠡᠯᠬᠡᠨ ᠵᠢᠷᠤᠭᠡ ᠶᠢ ᠨᠢ ᠰᠢᠵᠢᠮᠳᠡᠭᠰᠡᠨ ᠎ ᠢᠶᠠᠷ ᠨᠢᠭᠡ ᠮᠡᠳᠡᠭᠦ ᠳᠤ ᠲᠡᠭᠷᠢ ᠤᠷᠤᠢ ᠪᠤᠯᠤᠭᠠᠳ ᠠᠷᠭ᠎ᠠ ᠪᠤᠰᠤ ᠮᠠᠩᠬᠠᠨ ᠤ ᠤᠷᠤᠢ ᠳᠡᠭᠡᠷ᠎ᠡ ᠪᠥᠭᠡᠮᠨᠡᠷᠡᠨ ᠤᠷᠬᠢᠮᠵᠢ ᠎ ᠪᠠᠷ ᠢᠶᠠᠨ ᠭᠥᠨᠵᠢᠯᠡ ᠬᠢᠵᠤ ᠬᠡᠳᠡ ᠲᠠᠷᠠᠯᠠᠨ ᠤᠨᠳᠠᠵᠠᠭᠠᠵᠠᠢ ᠬᠡᠨ᠎ᠡ᠃ ᠲᠠᠷᠠᠭ᠎ᠠ ᠥᠷᠯᠥᠭᠡ ᠨᠢ ᠤᠷᠢᠳᠠᠵᠤ ᠰᠡᠷᠡᠭᠰᠡᠨ ᠨᠢᠭᠡ ᠪᠠᠨᠳᠢ ᠨᠢ ᠪᠤᠰᠤᠳ ᠢᠶᠠᠨ ᠲᠥᠯᠬᠢᠨ ᠳᠠᠳᠠᠨ  ᠰᠡᠷᠡᠭᠡᠵᠤ ᠵᠠᠮ ᠢᠶᠠᠨ ᠭᠥᠭᠡᠭᠡᠭᠦ ᠶᠢ ᠱᠠᠭᠠᠷᠳᠠᠪᠠ᠃ ᠬᠠᠮᠤᠭ ᠪᠠᠭ᠎ᠠ ᠪᠠᠨᠳᠢ ᠨᠢ ᠶᠠᠭᠠᠬᠢᠭᠠᠳ ᠳᠠᠭᠤᠳᠠᠭᠰᠠᠨ ᠴᠦ ᠰᠡᠷᠡᠬᠦ ᠥᠭᠡᠢ ᠪᠤᠯᠬᠤ ᠳᠤ ᠪᠤᠰᠤᠳ ᠪᠠᠨᠳᠢ ᠨᠡᠷ ᠨᠢ ᠮᠠᠭᠤ ᠰᠠᠨᠠᠭ᠎ᠠ ᠲᠥᠷᠥᠵᠤ᠄ ︽ᠵᠠᠮ ᠲᠤᠷᠰᠢ ᠵᠤᠪᠠᠭᠠᠵᠤ ᠶᠠᠪᠤᠭᠰᠠᠨ ᠮᠠᠭᠤ ᠲᠤᠶᠢᠮᠤᠭ ᠢ ᠡᠨᠡ ᠮᠠᠩᠬᠠᠨ ᠳᠤ ᠬᠠᠶᠠᠭᠠᠳ ᠬᠥᠭᠡ ᠴᠢᠨ᠋ᠸ᠎ᠠ ᠶᠢᠨ ᠬᠤᠭᠤᠯᠠ ᠪᠤᠯᠭᠠᠶ᠎ᠠ︕︾ ᠬᠡᠵᠤ ᠭᠡᠯᠡᠯᠴᠡᠵᠤ ᠲᠤᠬᠢᠷᠠᠭᠠᠳ ᠲᠡᠷᠡ ᠪᠠᠨᠳᠢ ᠶᠢ ᠤᠨᠳᠠᠭ᠎ᠠ ᠳᠤᠨᠢ ᠤᠷᠬᠢᠭᠠᠳ ᠶᠠᠪᠤᠵᠠᠢ᠃ ᠭᠠᠭ᠋ᠠᠢ ᠨᠤᠶᠢᠷ ᠲᠤ ᠨᠤᠵᠤᠬᠤᠷᠬᠠᠭᠰᠠᠨ ᠭᠠᠭᠴᠠ ᠪᠠᠨᠳᠢ ᠭᠠᠯ ᠨᠠᠷᠠ ᠭᠠᠰᠠ ᠶᠢ ᠨᠢ ᠲᠥᠭᠡᠨᠡᠭᠦ ᠪᠠᠷ ᠰᠡᠷᠢᠵᠤ᠂ ᠪᠤᠰᠤᠳ ᠢᠶᠠᠨ ᠥᠭᠡᠶᠢᠯᠡᠵᠤ ᠲᠡᠭᠷᠢ ᠭᠠᠵᠠᠷ ᠮᠠᠭᠠᠵᠢᠯᠠᠨ ᠨᠢᠭᠡᠨ ᠵᠡᠷᠭᠡ ᠭᠠᠰᠠᠯᠠᠵᠤ ᠤᠬᠢᠯᠠᠭᠠᠳ᠄ ︽ᠨᠢᠭᠡ ᠪᠠᠭᠰᠢ ᠶᠢᠨ ᠱᠠᠪᠢ ᠨᠢᠭᠡ ᠵᠠᠮ ᠤᠨ ᠪᠠᠨᠳᠢ ᠨᠡᠷ ᠪᠠᠶᠢᠭᠠᠳ ᠨᠢᠭᠡ ᠨᠢᠭᠡ ᠶᠢ ᠬᠥᠢ ᠬᠠᠢ ᠬᠡᠭᠦ ᠥᠬᠡᠢ ᠶᠠᠪᠤᠴᠢᠬᠠᠳᠠᠭ ᠪᠤᠯ ᠪᠢ ᠴᠦ ᠶᠠ ᠲᠠᠨᠤᠰ ᠢ ᠪᠠᠨ ᠭᠥᠭᠡᠭᠡᠭᠦ ᠪᠠᠨ ᠪᠤᠯᠢᠶ᠎ᠠ︕︾ ᠭᠡᠵᠤ ᠬᠠᠳᠠᠭᠤᠵᠢᠨ ᠪᠤᠳᠤᠵᠤ ᠠᠳᠡ ᠬᠤᠴᠤᠷᠠᠨ ᠰᠠᠭᠤᠪᠠ ᠭᠡᠨ᠎ᠡ᠃      ᠲᠡᠷᠡ ᠪᠠᠨᠳᠢ ᠰᠡᠴᠡᠨ ᠰᠡᠷᠭᠦᠯᠡᠩ ᠳᠡᠭᠡᠷ᠎ᠡ ᠨᠤᠮ ᠤᠩᠰᠢᠬᠤ ᠨᠢ ᠯᠠᠮ᠎ᠠ ᠯᠠᠮᠠᠳ ᠠᠴᠠ ᠤᠨᠴᠠᠭᠠᠶᠢᠷᠠᠳᠠᠭ ᠢᠶᠠᠷ ᠲᠡᠭᠦᠨ ᠢ ᠵᠠᠯᠠᠵᠤ ᠨᠤᠮ ᠤᠩᠰᠢᠭᠤᠯᠬᠤ ᠭᠥᠮᠥᠨ ᠤᠯᠠᠰᠢᠷᠠᠨ ᠥᠭᠯᠢᠭᠡ ᠪᠠᠷᠢᠯᠭ᠎ᠠ ᠨᠢ ᠴᠦ ᠵᠢᠯ ᠠᠴᠠ ᠵᠢᠯ ᠨᠡᠮᠡᠭᠳᠡᠭᠦ ᠪᠤᠯᠪᠠ ᠬᠡᠨ᠎ᠡ᠃ ᠬᠤᠶᠠᠷ ᠵᠢᠯ ᠤᠨ ᠲᠠᠷᠠᠭ᠎ᠠ ᠲᠡᠷᠡ ᠪᠠᠨᠳᠢ ᠥᠭᠯᠢᠭᠡ ᠳᠤ ᠢᠷᠡᠭᠰᠡᠨ ᠮᠥᠩᠭᠦ ᠵᠤᠭᠤᠰ ᠢᠶᠠᠷ ᠢᠶᠠᠨ ᠥᠨᠥᠭᠢ ᠤᠨᠳᠠᠵᠤ ᠬᠤᠴᠤᠷᠠᠭᠰᠠᠨ ᠮᠠᠩᠬᠠᠨ ᠤ ᠤᠷᠤᠢ ᠳᠤ ᠬᠤᠶᠠᠷ ᠲᠠᠰᠤᠯᠭ᠎ᠠ ᠵᠢᠵᠢᠭ ᠰᠥᠮ᠎ᠡ ᠪᠠᠷᠢᠭᠤᠯᠵᠤ᠂ ᠤᠷᠤᠩᠨᠠᠬᠤ ᠭᠡᠷ ᠤᠩᠰᠢᠯᠭ᠎ᠠ ᠶᠢᠨ ᠥᠷᠥᠭᠡ ᠪᠤᠯᠭᠠᠵᠠᠢ ᠭᠡᠨ᠎ᠡ᠃ ᠬᠤᠵᠢᠮ ᠤᠨ ᠭᠥᠮᠥᠰ ᠲᠡᠷᠡ ᠰᠥᠮ᠎ᠡ ᠶᠢ ︽ᠤᠷᠤᠢ ᠶᠢᠨ ᠰᠥᠮ᠎ᠡ︾᠂ ᠲᠡᠷᠡ ᠤᠷᠤᠢ ᠶᠢ ︽ᠤᠷᠤᠢ ᠶᠢᠨ ᠰᠥᠮ᠎ᠡ ᠶᠢᠨ ᠤᠷᠤᠢ︾ ᠭᠡᠵᠤ ᠳᠠᠭᠤᠳᠠᠭᠰᠠᠭᠠᠷ ᠡᠳᠤᠢ᠃ ᠰᠥᠮ᠎ᠡ ᠶᠢᠨ ᠤᠷᠤᠮ ᠤᠳᠤ ᠴᠦ ᠭᠡᠳ ᠥᠯᠡᠳᠡᠭᠰᠡᠭᠡᠷ ᠪᠤᠢ᠃ ᠰᠥᠮ᠎ᠡ ᠲᠠᠢ ᠪᠤᠯᠤᠭᠰᠠᠨ ᠠᠴᠠ ᠲᠡᠷᠡ ᠪᠠᠨᠳᠢ ᠠᠶᠢᠯ ᠭᠡᠰᠤᠵᠤ ᠶᠠᠪᠤᠬᠤ ᠪᠠᠨ ᠪᠤᠯᠢᠵᠤ᠂ ᠡᠳᠤᠷᠵᠢᠨ ᠰᠥᠮ᠎ᠡ ᠳᠡᠭᠡᠨ ᠬᠤᠷᠭᠤᠳᠠᠨ ᠨᠤᠮ ᠪᠢᠰᠢᠯᠭᠠᠯ ᠬᠢᠳᠡᠭ ᠪᠤᠯᠪᠠ᠃ ᠬᠡᠯᠡᠪᠡᠯ ᠪᠠᠰᠠᠴᠤ ᠥᠯᠢᠭᠡᠷ ᠡ᠃ ᠲᠡᠷᠡ ᠪᠠᠨᠳᠢ ᠶᠢᠨ ᠤᠶᠠᠨ ᠲᠤᠩᠭᠠᠯᠠᠭ ᠨᠤᠮ ᠤᠩᠰᠢᠯᠳᠠ ᠶᠢᠨ ᠲᠠᠭᠤ ᠎ ᠶᠢ ᠳᠠᠭᠠᠯᠳᠤᠨ ᠠᠷᠪᠠᠨ ᠰᠠᠩ ᠤᠨ ᠠᠷᠴᠠ ᠭᠥᠵᠢ ᠠᠴᠠ ᠢᠯᠡᠭᠦᠥ ᠠᠩᠭᠢᠯᠤᠮ᠎ᠠ ᠰᠠᠶᠢᠬᠠᠨ ᠥᠨᠥᠷ ᠰᠥᠮ᠎ᠡ ᠲᠥᠭᠦᠷᠡᠩ ᠬᠠᠩᠬᠤᠯᠤᠨ ᠨᠤᠮ ᠳᠤ ᠰᠠᠭᠤᠭᠰᠠᠳ ᠰᠤᠭᠳᠤᠭᠤᠷᠠᠵᠤ᠂ ᠶᠠᠳᠠᠷᠠᠯ ᠵᠥᠳᠡᠷᠡᠯ ᠢᠶᠠᠨ ᠪᠥᠷᠢᠮᠤᠰᠤᠨ ᠮᠡᠷᠳᠡᠴᠢᠬᠠᠳᠠᠭ ᠶᠤᠮ ᠭᠡᠨ᠎ᠡ᠃ ᠶᠠᠭ ᠡᠶᠢᠮᠤᠷᠭᠦ ᠤᠪᠢᠳᠠᠰ ᠡᠷᠳᠡᠮ ᠪᠠᠶᠢᠬᠤ ᠪᠠᠷ ᠪᠠᠨᠳᠢ ᠶᠢᠨ ᠨᠠᠷ᠎ᠠ ᠠᠯᠳᠠᠷᠰᠢᠵᠤ᠂ ᠭᠥᠮᠥᠰ ᠭᠡᠳᠤᠨ ᠵᠠᠭᠤᠨ ᠭᠠᠵᠠᠷ ᠤᠨ ᠥᠵᠥᠭᠦᠷ ᠠᠴᠠ ᠭᠥᠷᠥᠯᠴᠡᠨ ᠢᠷᠡᠵᠤ ᠨᠤᠮ ᠳᠤ ᠰᠠᠭᠤᠳᠠᠭ ᠪᠤᠯᠵᠠᠭᠠᠪᠠ ᠭᠡᠨ᠎ᠡ᠃ ᠪᠠᠰᠠ ᠭᠡᠳᠤᠨ ᠵᠢᠯ ᠤᠨ ᠲᠠᠷᠠᠭ᠎ᠠ ᠲᠡᠷᠡ ᠪᠠᠨᠳᠢ ︽ᠤᠷᠤᠢ ᠶᠢᠨ ᠰᠥᠮ᠎ᠡ︾᠎ ᠶᠢᠨ ᠤᠷᠳᠤ ᠳᠠᠪᠰᠡᠩ ᠳᠡᠭᠡᠷ᠎ᠡ ᠠᠷᠪᠠᠨ ᠳᠠᠰᠤᠯᠭ᠎ᠠ ᠶᠢᠨ ︽ᠵᠥᠳᠪᠡ ᠶᠢᠨ ᠲᠤᠭᠠᠩ︾᠎ ᠢ ᠪᠠᠶᠢᠭᠤᠯᠵᠤ᠂ ᠥᠪᠡᠷ ᠤᠨ ᠪᠡᠶ᠎ᠡ ᠪᠠᠨ ᠲᠤᠮᠤ ᠪᠤᠷᠬᠠᠨ ︵ᠪᠠᠷᠤᠭ ᠬᠤᠶᠠᠷ ᠮᠧᠲᠷ ᠢᠯᠡᠭᠦᠥ ᠥᠨᠳᠤᠷ ᠪᠠᠶᠢᠭᠰᠠᠨ᠂ ᠰᠤᠶᠤᠯ ᠤᠨ ᠬᠤᠪᠢᠰᠬᠠᠯ ᠤᠨ ᠲᠤᠮᠳᠠ ᠡᠪᠳᠡᠭᠳᠡᠪᠡ︶᠂ ᠠᠷᠢᠭᠤᠨ ᠱᠠᠰᠢᠨ ᠤ ᠵᠢᠷᠤᠮ ᠢ ᠥᠳᠡᠭᠡᠷᠭᠡᠨ ᠠᠯᠤᠰ ᠭᠠᠵᠠᠷ ᠲᠤ ᠭᠠᠭᠴᠠᠭᠠᠷᠳᠠᠭᠤᠯᠵᠤ ᠶᠠᠪᠤᠭᠰᠠᠨ ᠲᠥᠷᠪᠡᠨ ᠵᠠᠭᠤ ᠶᠡᠷᠢ ᠶᠢᠰᠤᠨ ᠪᠠᠨᠳᠢ ᠶᠢ ᠪᠠᠭ᠎ᠠ ᠪᠤᠷᠬᠠᠨ ᠪᠤᠯᠭᠠᠵᠤ ᠱᠤᠭᠤᠭᠠᠳ ᠲᠠᠪᠤᠨ ᠵᠠᠭᠤᠨ ᠳᠠᠯᠤ ︵ᠨᠢᠭᠡ ᠨᠢ ᠬᠤᠭᠤᠰᠤᠨ ᠪᠠᠶᠢᠪᠠ᠂ ᠮᠥᠨ ᠰᠤᠶᠤᠯ ᠤᠨ ᠬᠤᠪᠢᠰᠬᠠᠯ ᠤᠨ ᠲᠤᠮᠳᠠ ᠡᠪᠳᠡᠭᠳᠡᠵᠡᠢ︶᠎ ᠲᠠᠢ ᠮᠤᠳᠤᠨ ᠵᠢᠶᠠᠵᠠᠨ ᠳᠤ ᠳᠠᠯᠪᠢᠵᠤ ᠲᠠᠪᠢᠪᠠ ᠬᠡᠨ᠎ᠡ᠃ ᠡᠭᠦᠨ ᠤ ᠡᠰᠡᠷᠭᠦ ᠪᠠᠷ ᠤᠳᠠᠢ ᠬᠡᠶᠢᠳ ᠲᠤ ᠲᠥᠷᠪᠡᠨ ᠵᠠᠭᠤ ᠶᠡᠷᠢ ᠶᠢᠰᠤᠨ ᠲᠤᠮᠤ ᠪᠤᠷᠬᠠᠨ᠂ ᠨᠢᠭᠡ ᠵᠢᠵᠢᠭᠭᠡᠨ ᠪᠤᠷᠬᠠᠨ ᠲᠠᠬᠢᠳᠠᠭ ᠤᠨ ᠤᠴᠢᠷ᠂ ᠡᠨᠡᠭᠦ ᠲᠤᠮᠤᠭ ᠲᠠᠢ ᠬᠤᠯᠪᠤᠭ᠎ᠠ ᠲᠠᠢ ᠠᠵᠤᠭᠤ᠃ ︽ᠵᠥᠳᠪᠡ ᠶᠢᠨ ᠲᠤᠭᠠᠩ︾᠎ ᠢ ᠪᠠᠶᠢᠭᠤᠯᠤᠭᠰᠠᠨ ᠠᠴᠠ ᠭᠥᠮᠥᠰ ᠲᠡᠷᠡᠭᠦ ᠲᠤᠭᠠᠩ ᠢ ︽ᠪᠠᠨᠳᠢ ᠶᠢᠨ ᠲᠤᠭᠠᠩ︾ ︵ᠲᠠᠪᠤᠨ ᠵᠠᠭᠤᠨ ᠪᠠᠨᠳᠢ ᠶᠢ ᠲᠠᠬᠢᠳᠠᠭ ᠤᠨ ᠤᠴᠢᠷ︶ ᠭᠡᠵᠤ᠂ ᠲᠡᠷᠡ ᠪᠠᠨᠳᠢ ᠶᠢ ︽ᠪᠠᠨᠳᠢᠳᠠ︾ ᠬᠡᠮᠡᠨ ᠳᠠᠭᠤᠳᠠᠬᠤ ᠪᠤᠯᠵᠠᠢ᠃ ᠮᠥᠨ ᠲᠡᠷᠡ ᠴᠠᠭ ᠠᠴᠠ ᠬᠤᠶᠢᠰᠢ ︽ᠪᠠᠨᠳᠢ ᠶᠢᠨ ᠲᠤᠭᠠᠩ︾᠎ ᠳᠤ ᠱᠠᠪᠢ ᠤᠷᠤᠬᠤ ᠭᠥᠮᠥᠨ ᠤᠯᠠᠰᠢᠷᠠᠵᠤ᠂ ᠯᠠᠮ᠎ᠠ ᠨᠡᠷ  ᠎ ᠤᠨ ᠲᠤᠭ᠎ᠠ ᠲᠠᠪᠤᠨ ᠵᠠᠭᠤ ᠳᠤ ᠭᠥᠷᠥᠭᠰᠡᠨ ᠭᠡᠳᠡᠭ᠃      ︽ᠪᠠᠨᠳᠢᠳᠠ︾᠎ ᠶᠢ ᠭᠤᠴᠢ ᠭᠥᠷᠥᠭᠰᠡᠨ ᠲᠡᠷᠡ ᠵᠢᠯ ᠤᠨ ᠨᠢᠭᠡᠨ ᠰᠥᠨᠢ ᠭᠡᠨ᠎ᠡ᠂ ︽ᠳᠠᠮᠴᠤᠭ ᠪᠤᠯᠠᠭ ᠤᠨ ᠥᠢᠷ᠎ᠡ ᠰᠥᠮ᠎ᠡ ᠪᠠᠶᠢᠭᠤᠯᠤᠨ ᠡᠨᠡᠭᠦ ᠥᠭᠡᠳᠡᠰᠤ ᠶᠢ ᠲᠡᠷ᠎ᠡ ᠶᠢᠨ ᠢᠶᠠᠨ ᠲᠤᠤᠷ᠎ᠠ ᠳᠠᠯᠪᠢᠵᠤ ᠳᠠᠨᠳᠡ ᠬᠤᠨᠤ᠂ ᠴᠢᠮᠡᠳᠤ ᠭᠡᠭᠡᠨ ᠰᠤᠷᠭᠠᠯ ᠬᠠᠶᠢᠷᠠᠯᠠᠵᠤ ᠨᠢᠭᠡ ᠮᠥᠷᠥᠨ ᠤ ᠭᠥᠴᠥ ᠡᠷᠭᠦᠭᠦ ᠭᠥᠮᠥᠨ ᠯᠠᠪ ᠭᠠᠷᠬᠤ︕︾ ᠭᠡᠵᠤ ᠪᠠᠨᠳᠢᠳᠠ ᠳᠤ ᠰᠤᠨᠢᠷᠬᠠᠯᠲᠠᠢ ᠬᠠᠴᠢᠨ ᠵᠡᠭᠦᠳᠥ ᠪᠠᠭᠤᠪᠠ ᠭᠡᠨ᠎ᠡ᠃ ᠵᠡᠭᠦᠳᠤ ᠬᠡᠮᠡᠨ ᠢᠳᠡᠭᠡᠭᠦ ᠲᠠᠢ ᠥᠭᠡᠢ ᠲᠠᠢ ᠪᠤᠰᠴᠤ ᠤᠷᠤ ᠳᠡᠷ᠎ᠡ ᠎ ᠪᠠᠨ ᠬᠤᠷᠢᠶᠠᠪᠠᠯ ᠲᠡᠷ᠎ᠡ ᠶᠢᠨ ᠬᠢᠨᠢ ᠲᠤᠤᠷ᠎ᠠ ᠨᠤᠭᠤᠭᠠᠨ ᠲᠤᠷᠭᠠᠨ ᠥᠭᠡᠳᠡᠰᠤ ᠪᠠᠶᠢᠪᠠ ᠭᠡᠨ᠎ᠡ᠃ ᠳᠠᠮᠴᠤᠭ ᠪᠤᠯᠠᠭ ᠭᠡᠮᠡᠭᠴᠢ ︽ᠵᠥᠳᠪᠡ ᠶᠢᠨ ᠲᠤᠭᠠᠩ︾᠎ ᠤᠨ ᠪᠠᠷᠠᠭᠤᠨ ᠤᠷᠳᠤ ᠪᠡᠶ᠎ᠡ ᠳᠤ ᠪᠠᠶᠢᠳᠠᠭ ᠠᠮᠢᠳᠤ ᠪᠤᠯᠠᠭ᠂ ᠲᠡᠷᠡ ᠨᠢ ᠡᠪᠤᠯ ᠤᠨ ᠭᠥᠢᠳᠡᠨ ᠳᠤ ᠴᠠᠷᠴᠠᠵᠤ ᠭᠥᠯᠳᠡᠭᠦ ᠥᠭᠡᠢ᠂ ᠵᠤᠨ ᠤ ᠭᠠᠩ ᠳᠤ ᠰᠢᠷᠭᠢᠵᠤ ᠳᠠᠳᠠᠭᠤᠷᠠᠬᠤ ᠥᠭᠡᠢ ᠤᠨᠳᠤᠷᠤᠨ ᠤᠷᠤᠰᠤᠭᠰᠠᠭᠠᠷ ᠨᠢᠭᠡᠨ ᠲᠤᠮᠤᠬᠠᠨ ᠪᠥᠷᠢᠳᠤ ᠪᠤᠯᠵᠤ ᠪᠥᠷᠢᠯᠳᠤᠵᠠᠢ᠃ ᠵᠡᠭᠦᠳᠥᠨ ᠤ ᠤᠴᠢᠷ ᠪᠥᠷ ᠮᠥᠷ ᠎ ᠲᠠᠢ ᠪᠠᠶᠢᠬᠤ ᠪᠠᠷ ᠪᠠᠨᠳᠢᠳᠠ ᠬᠤᠶᠠᠷ ᠥᠭᠡᠢ ᠢᠳᠡᠭᠡᠵᠤ᠂ ︽ᠪᠠᠨᠳᠢ ᠶᠢᠨ ᠲᠤᠭᠠᠩ︾ ᠪᠤᠯᠤᠨ ︽ᠳᠠᠮᠴᠤᠭ ᠪᠤᠯᠠᠭ︾ ᠲᠤᠮᠳᠠ ᠪᠠᠶᠢᠭ᠎ᠠ ᠥᠨᠳᠥᠷᠭᠡᠨ ᠭᠥᠳᠥᠩ ᠳᠡᠭᠡᠷ᠎ᠡ ᠵᠢᠵᠢᠭ ᠰᠥᠮ᠎ᠡ ᠪᠠᠷᠢᠵᠤ ᠬᠤᠨᠤᠭᠯᠠᠳᠠᠭ ᠪᠤᠯᠵᠠᠢ ᠭᠡᠨ᠎ᠡ᠃ ᠢᠩᠭᠢᠵᠤ ᠪᠠᠶᠢᠭᠠᠳ ᠤᠨ ᠵᠢᠯ ᠨᠠᠯᠢᠶᠠᠳ ᠤᠳᠠᠵᠠᠢ᠃ ︽ᠮᠠᠨ ᠤ ᠪᠠᠭᠰᠢ ᠰᠥᠮ᠎ᠡ ᠳᠡᠭᠡᠨ ᠶᠠᠭᠤ ᠬᠢᠵᠤ ᠬᠤᠨᠤᠳᠠᠭ ᠭᠥᠮᠥᠨ ᠪᠤᠯ︖︾ ᠭᠠᠶᠢᠬᠠᠵᠤ ᠬᠠᠴᠢᠷᠬᠠᠵᠤ ᠤᠳᠠᠭᠰᠠᠨ ᠭᠡᠳᠤᠨ ᠪᠠᠨᠳᠢ ᠨᠢᠭᠡ ᠰᠥᠨᠢ ᠰᠡᠮᠡᠭᠡᠷ ᠢᠷᠡᠵᠤ ᠱᠠᠭᠠᠶᠢᠵᠤ ᠥᠵᠡᠯ᠎ᠡ ᠭᠡᠨ᠎ᠡ᠃ ᠱᠠᠭᠠᠶᠢᠬᠤ ᠥᠭᠡᠢ ᠪᠤᠯ ᠶᠠᠭᠠᠬᠢᠬᠤ ᠪᠠᠶᠢᠭᠰᠠᠨ ᠢ ᠪᠤᠤ ᠮᠡᠳᠡ᠂ ᠱᠠᠭᠠᠶᠢᠯ᠎ᠠ ᠭᠡᠰᠡᠨ ᠴᠢᠨᠢ ᠭᠡᠳᠤᠨ ᠪᠠᠨᠳᠢ ᠶᠢᠨ ᠨᠢᠳᠤ ᠨᠢ ᠤᠷᠤᠢ ᠳᠡᠭᠡᠷ᠎ᠡ ᠭᠠᠷᠤᠭᠠᠳ ᠭᠥᠯᠡᠶᠢᠴᠢᠭᠡᠯ᠎ᠡ︖᠄ ᠯᠠᠮ᠎ᠠ ᠭᠤᠨᠴᠤᠭᠰᠤᠨ︕ ᠴᠢᠷᠮᠡᠨ ᠨᠢᠴᠥᠭᠦᠨ ᠢᠶᠠᠷ ᠤᠨᠳᠠᠬᠤ ᠪᠠᠭᠰᠢ ᠶᠢᠨ ᠬᠢᠨᠢ ᠬᠠᠵᠠᠭᠤ ᠳᠤ ᠨᠤᠭᠤᠭᠠᠨ ᠲᠤᠷᠭᠠᠨ ᠳᠡᠪᠡᠯ ᠲᠠᠢ ᠭᠤᠶᠤ ᠭᠡᠤᠭᠡᠨ ᠰᠠᠭᠤᠵᠤ ᠨᠢᠭᠡ ᠶᠠᠭᠤᠮ᠎ᠠ ᠬᠡᠯᠡᠭᠦ ᠶᠤᠮ ᠪᠢᠯᠡ︕ ︽ᠠᠮᠠ ᠶᠢ ᠨᠢ ᠳᠠᠭᠯᠠᠪᠠᠯ ᠪᠥᠭᠰᠡ ᠨᠢ ᠲᠤᠤᠭᠠᠷᠳᠠᠭ︾ ᠵᠠᠩ ᠯᠠᠮ᠎ᠠ ᠬᠤᠸᠠᠷᠠᠭ ᠭᠥᠮᠥᠨ ᠳᠤ ᠴᠦ ᠠᠳᠠᠯᠢᠬᠠᠨ ᠪᠠᠶᠢᠳᠠᠭ ᠠᠵᠤᠭᠤ᠃ ᠥᠨᠤ ᠭᠡᠳᠤᠨ ᠪᠠᠨᠳᠢ ᠠᠮᠠ ᠶᠢ ᠨᠢ ᠠᠯᠠᠭᠠᠳᠠᠵᠤ ᠪᠠᠶᠢᠭ᠎ᠠ ᠰᠢᠭ᠋ ᠡᠭᠦᠨ ᠢ ᠱᠠᠪᠷᠤᠩ ᠳᠠᠭᠠᠨ ᠤᠴᠢᠷ ᠪᠤᠯᠭᠠᠵᠤ ᠠᠶᠢᠯᠠᠳᠬᠠᠪᠠ᠃ ᠤᠤᠯ ᠠᠴᠠ ᠨᠢ ᠪᠠᠨᠳᠢᠳᠠ ᠶᠢᠨ ᠡᠷᠳᠡᠮ ᠳᠤ ᠠᠳᠠᠭᠠᠷᠬᠠᠵᠤ ᠪᠠᠶᠢᠭᠰᠠᠨ ᠱᠠᠪᠷᠤᠩ ᠪᠤᠵᠠᠷ ᠰᠠᠨᠠᠭ᠎ᠠ ᠡᠭᠦᠰᠴᠤ᠄ ︽ᠲᠡᠨᠤᠰ ᠲᠡᠷᠡ ᠬᠤᠪᠴᠠᠰᠤ ᠥᠮᠥᠳᠤ ᠶᠢ ᠨᠢ ᠬᠤᠯᠠᠭᠠᠶᠢᠯᠠᠨ ᠨᠢᠭᠤᠭᠠᠳ ᠳᠠᠯᠪᠢᠴᠢᠬ᠎ᠠ︕︾ ᠬᠡᠮᠡᠨ ᠵᠢᠰᠤᠷ ᠠᠷᠭ᠎ᠠ ᠵᠢᠭᠠᠵᠤ ᠶᠠᠪᠤᠭᠤᠯᠵᠠᠢ᠃ ᠪᠠᠨᠳᠢ ᠨᠡᠷ ᠥᠭᠡ ᠪᠠᠷ ᠨᠢ ᠬᠤᠪᠴᠠᠰᠤ ᠶᠢ ᠨᠢᠭᠤᠵᠤ ᠳᠠᠯᠪᠢᠪᠠ ᠭᠡᠨ᠎ᠡ᠃ ᠪᠠᠨᠳᠢᠳᠠ ᠪᠤᠰᠴᠤ ᠬᠤᠪᠴᠠᠯᠠᠬᠤ ᠭᠡᠪᠡᠯ ᠬᠤᠪᠴᠠᠰᠤ ᠨᠢ ᠠᠯᠠᠭ᠎ᠠ ᠪᠤᠯᠤᠭᠰᠠᠨ ᠪᠠᠶᠢᠪᠠ᠃ ᠲᠡᠷᠡ ᠬᠤᠷᠤᠭᠤ ᠲᠠᠷᠤᠵᠤ ᠪᠤᠳᠤᠵᠤ ᠪᠤᠳᠤᠭᠠᠳ᠄ ︽ᠡᠨᠡ ᠰᠥᠮ᠎ᠡ ᠳᠤ ᠰᠠᠭᠤᠬᠤ ᠳᠤᠭᠠᠯᠠᠯ ᠮᠢᠨᠢ ᠲᠠᠭᠤᠰᠴᠠᠢ︕︾ ᠬᠡᠵᠤ ᠲᠥᠳᠥᠨᠡᠨ ᠪᠢᠷ ᠴᠠᠭᠠᠰᠤ ᠠᠪᠴᠤ ᠮᠥᠨ ᠤᠴᠢᠷ ᠢᠶᠠᠨ ᠪᠢᠴᠢᠵᠤ ᠥᠯᠡᠳᠡᠭᠡᠭᠡᠳ ᠰᠠᠶ᠋ᠢᠬᠢ ᠪᠥᠷᠢᠳᠤᠨ ᠳᠤ ᠬᠠᠷᠠᠶᠢᠨ ᠤᠷᠤᠵᠤ ᠪᠡᠷ᠎ᠡ ᠲᠠᠰᠤᠷᠠᠪᠠ ᠬᠡᠨ᠎ᠡ᠃ ︽ᠡᠨᠡ ᠶᠢᠷᠳᠢᠨᠴᠤ ᠳᠤ ᠨᠢᠴᠥᠭᠦᠨ ᠢᠷᠡᠭᠡᠳ ᠳᠠᠷᠠᠭ᠎ᠠ ᠲᠥᠷᠥᠯ ᠳᠤ ᠨᠢᠴᠥᠭᠦᠨ ᠵᠠᠶᠠᠭᠠᠪᠠ︾ ᠭᠡᠳᠡᠭ ᠥᠭᠡ ᠢᠩᠭᠢᠵᠤ ᠭᠠᠷᠤᠭᠰᠠᠨ ᠭᠡᠳᠡᠭ᠃ ᠪᠠᠨᠳᠢᠳᠠ ᠶᠢ ᠤᠰᠤᠨ ᠳᠤ ᠬᠠᠷᠠᠶᠢᠵᠤ ᠳᠠᠭᠠᠯᠠᠯ ᠪᠤᠯᠤᠭᠰᠠᠨ ᠬᠤᠶᠢᠨ᠎ᠠ ᠱᠠᠪᠢᠨᠠᠷ ᠨᠢ ᠳᠡᠭᠦᠨ ᠤ ᠲᠠᠷ᠎ᠡ ᠲᠤᠤᠷ᠎ᠠ ᠠᠴᠠ ᠪᠢᠴᠢᠭ ᠢ ᠤᠯᠵᠤ ᠱᠠᠪᠷᠥᠩ ᠳᠤ ᠲᠤᠰᠢᠶᠠᠪᠠᠯ ᠱᠠᠪᠷᠥᠩ ᠥᠵᠡᠴᠢᠭᠡᠭᠡᠳ᠄ ︽ᠪᠠᠨᠳᠢᠳᠠ ᠪᠠᠭᠰᠢ ᠪᠤᠷᠬᠠᠨ ᠤ ᠵᠠᠷᠯᠢᠭ ᠢᠶᠠᠷ ᠨᠤᠭᠤᠭᠠᠨ ᠳ᠋ᠡᠷ᠎ᠡ ᠡᠭᠡ ᠶᠢᠨ ᠰᠤᠷᠭᠠᠯ ᠢ ᠵᠡᠭᠦᠳᠥ ᠎ ᠪᠠᠷ ᠢᠶᠠᠨ ᠰᠤᠨᠤᠰᠴᠤ᠂ ᠶᠡᠭᠡ ᠥᠢᠯᠡ ᠪᠥᠳᠥᠭᠡᠭᠦ ᠪᠠᠷ ᠪᠠᠶᠢᠵᠠᠢ᠂ ᠨᠢᠭᠡ ᠴᠠᠭ ᠤᠨ ᠮᠤᠩᠬᠠᠭ ᠢᠶᠠᠷ ᠪᠢ ᠲᠡᠭᠦᠨ ᠤ ᠰᠠᠶᠢᠬᠠᠨ ᠥᠢᠯᠡ ᠶᠢ ᠰᠠᠭᠠᠷᠠᠭᠤᠯᠵᠤ ᠬᠠᠶᠠᠵᠠᠢ︕ ᠡᠨᠡ ᠬᠡᠶᠢᠳ ᠥᠶ᠎ᠡ ᠶᠢᠨ ᠥᠶ᠎ᠡ ᠳᠤ ᠭᠡᠭᠡᠨ ᠡᠵᠡᠨ ᠥᠭᠡᠢ ᠰᠥᠮ᠎ᠡ ᠪᠤᠯᠵᠤᠬᠤᠢ︕︾ ᠬᠡᠵᠤ ᠶᠡᠬᠡᠳᠡ ᠭᠡᠮᠰᠢᠵᠠᠢ ᠭᠡᠨ᠎ᠡ᠃      ᠰᠡᠭᠦᠯᠡᠷ ᠨᠢ ᠱᠠᠪᠷᠥᠩ᠂ ᠪᠠᠨᠳᠢᠳᠠ ᠶᠢᠨ ᠵᠢᠷᠤᠭᠰᠠᠨ ᠤᠳᠠᠢ ᠭᠡᠶᠢᠳ ᠤᠨ ᠵᠢᠷᠤᠭ ᠢ ᠤᠯᠵᠤ᠂ ᠳᠡᠭᠦᠨ ᠤ ᠤᠭ ᠰᠠᠨᠠᠭ᠎ᠠ ᠶᠢ ᠤᠶᠢᠯᠠᠭᠠᠵᠤ᠂ ᠭᠢᠭᠰᠡᠨ ᠥᠢᠯᠡᠷ ᠯᠠᠢ ᠪᠠᠨ ᠪᠠᠷᠠᠭᠠᠬᠤ ᠪᠠᠷ ᠪᠠᠳᠢᠷ ᠪᠠᠷᠢᠵᠤ ᠪᠠᠶᠢᠭᠠᠳ ︽ᠵᠥᠳᠪᠡ ᠎ ᠶᠢᠨ ᠲᠤᠭᠠᠩ︾᠎ ᠶᠢᠨ ᠠᠷᠤ ᠳᠤ ᠲᠥᠴᠢ ᠶᠢᠰᠤᠨ ᠲᠠᠰᠤᠯᠭ᠎ᠠ ᠶᠢᠨ ᠴᠤᠭᠴᠢᠨ ᠲᠤᠭᠠᠩ ᠢ ᠪᠠᠷᠢᠭᠤᠯᠵᠤ᠂ ᠲᠡᠭᠦᠨ ᠤ ᠬᠤᠶᠢᠳᠤ ᠲᠠᠯ᠎ᠠ ᠳᠤᠨᠢ ᠤᠲᠠᠢ ᠶᠢᠨ ᠴᠠᠭᠠᠨ ᠰᠤᠪᠤᠷᠭ᠎ᠠ ᠶᠢ ᠲᠠᠭᠤᠷᠢᠶᠠᠨ ᠳᠤᠳᠤᠷ᠎ᠠ ᠨᠢ ᠭᠥᠨᠲᠠᠢ ᠲᠠᠢ ᠲᠤᠮᠤ ᠴᠠᠭᠠᠨ ᠰᠤᠪᠤᠷᠭ᠎ᠠ ︵ᠰᠤᠶᠤᠯ ᠤᠨ ᠬᠤᠪᠢᠰᠬᠠᠯ ᠤᠨ ᠲᠤᠮᠳᠠ ᠡᠪᠳᠡᠭᠳᠡᠪᠡ︶᠂ ᠴᠠᠭᠠᠨ ᠰᠤᠪᠤᠷᠭ᠎ᠠ ᠶᠢᠨ ᠵᠡᠭᠦᠨ ᠲᠠᠯ᠎ᠠ ᠳᠤᠨᠢ ᠨᠤᠭᠤᠭᠠᠨ ᠳ᠋ᠡᠷ᠎ᠡ ᠡᠭᠡ ᠶᠢ ᠲᠤᠷᠠᠰᠬᠠᠵᠤ ᠪᠠᠶᠢᠬᠤ ᠤᠴᠢᠷ ᠨᠤᠭᠤᠭᠠᠨ ᠰᠤᠪᠤᠷᠭ᠎ᠠ ︵ᠲᠤᠭᠤᠰᠬ᠎ᠠ ᠸᠠᠭᠠᠷ ᠨᠢ ᠨᠤᠭᠤᠭᠠᠨ ᠥᠩᠭᠡ ᠲᠠᠢ᠂ ᠲᠠᠪᠢᠭᠠᠳ ᠤᠨ ᠤ ᠥᠶ᠎ᠡ ᠪᠠᠷ ᠡᠪᠳᠡᠷᠡᠵᠤ ᠨᠤᠷᠠᠪᠠ︶ ᠪᠤᠰᠬᠠᠵᠤ ᠪᠠᠶᠢᠭᠤᠯᠪᠠ᠃ ᠰᠡᠭᠦᠯᠡᠷ ᠨᠢ ᠲᠡᠷᠡ ᠰᠤᠪᠤᠷᠭ᠎ᠠ ᠶᠢ ᠮᠤᠳᠤ ᠪᠠᠷ ᠬᠢᠵᠤ ᠭᠤᠶᠤᠯᠠᠵᠤ ᠰᠡᠶᠢᠯᠤᠭᠡᠳ ᠲᠤᠰᠬᠠᠢ ᠰᠥᠮ᠎ᠡ ︵ᠨᠤᠭᠤᠭᠠᠨ ᠰᠤᠪᠤᠷᠭ᠎ᠠ ᠶᠢᠨ ᠰᠥᠮ᠎ᠡ᠂ ᠰᠤᠶᠤᠯ ᠤᠨ ᠬᠤᠪᠢᠰᠬᠠᠯ ᠤᠨ ᠲᠤᠮᠳᠠ ᠡᠪᠳᠡᠭᠳᠡᠪᠡ︶᠎ ᠳᠤ ᠤᠷᠤᠰᠢᠭᠤᠯᠵᠤ ᠲᠠᠬᠢᠵᠠᠢ᠃ ᠪᠠᠨᠳᠢᠳᠠ ᠶᠢᠨ ᠠᠴᠢ ᠭᠠᠪᠢᠶ᠎ᠠ ᠶᠢ ᠲᠤᠷᠠᠰᠬᠠᠵᠤ ᠡᠨᠡᠭᠦ ᠰᠥᠮ᠎ᠡ ᠶᠢ ︽ᠪᠠᠨᠳᠢᠳᠠ ᠶᠢᠨ ᠰᠥᠮ᠎ᠡ︾ ︵ᠪᠠᠰᠠ ︿ᠪᠠᠨᠳᠢ ᠎ ᠶᠢᠨ ᠰᠥᠮ᠎ᠡ﹀ ᠭᠡᠵᠤ ᠴᠦ ᠭᠡᠯᠡᠳᠡᠭ︶ ᠭᠡᠮᠡᠵᠤᠭᠦᠢ᠃ ᠪᠠᠨᠳᠢᠳᠠ ᠶᠢ ᠳᠠᠭᠠᠯᠠᠯ ᠪᠤᠯᠬᠤ ᠠᠴᠠ ᠡᠮᠤᠨ᠎ᠠ ᠬᠤᠨᠤᠭᠯᠠᠵᠤ᠂ ᠨᠤᠭᠤᠭᠠᠨ ᠳ᠋ᠡᠷ᠎ᠡ ᠡᠬᠡ ᠲᠠᠢ ᠵᠡᠭᠦᠳᠥ ᠪᠠᠷ ᠶᠠᠷᠢᠯᠴᠠᠵᠤ ᠪᠠᠶᠢᠭᠰᠠᠨ ᠵᠢᠵᠢᠭ ᠰᠥᠮ᠎ᠡ ᠶᠢ ︽ᠯᠤᠤᠰ ᠤᠨ ᠰᠥᠮ᠎ᠡ︾ ︵ᠤᠷᠤ ᠨᠢ ᠤᠳᠤ ᠴᠤ ᠪᠤᠢ︶ ᠨᠡᠷᠡᠶᠢᠳᠴᠤ᠂ ᠬᠠᠷᠠᠶᠢᠨ ᠤᠷᠤᠵᠤ ᠳᠠᠭᠠᠯᠠᠯ ᠪᠤᠯᠤᠭᠰᠠᠨ ᠪᠥᠷᠢᠳᠤ ᠶᠢᠨ ᠡᠬᠢ — ︽ᠳᠠᠮᠴᠤᠭ ᠪᠤᠯᠠᠭ︾᠎ ᠢ ︽ᠰᠠᠬᠢᠭᠤᠯᠰᠤᠨ ᠪᠤᠯᠠᠭ︾ ᠬᠡᠮᠡᠨ ᠭᠥᠮᠥᠨ ᠮᠠᠯ ᠤᠨ ᠭᠥᠯ ᠭᠥᠷᠭᠡᠭᠦ ᠥᠭᠡᠢ ᠴᠡᠪᠡᠷ ᠲᠤᠩᠭᠠᠯᠠᠭ ᠪᠠᠶᠢᠯᠭᠠᠨ ᠰᠥᠮ᠎ᠡ ᠭᠡᠶᠢᠳ ᠤᠨ ᠷᠠᠰᠢᠶᠠᠨ ᠳᠤ ᠭᠡᠷᠡᠭᠯᠡᠬᠦ ᠪᠤᠯᠵᠠᠢ᠃ ᠭᠠᠩ ᠭᠠᠴᠢᠭ ᠵᠢᠯ ᠳᠤ ᠲᠠᠬᠢᠯᠭ᠎ᠠ ᠳᠠᠪᠠᠭ ᠡᠷᠭᠦᠨ ᠵᠡᠯᠪᠢᠷᠡᠨ ᠳᠠᠭᠠᠳᠬᠠᠵᠤ᠂ ᠬᠤᠷ᠎ᠠ ᠪᠤᠷᠤᠭᠠᠨ ᠬᠠᠶᠢᠷᠠᠯᠠᠬᠤ ᠶᠢ ᠭᠤᠶᠤᠪᠴᠢᠯᠠᠳᠠᠭ ᠵᠠᠩᠰᠢᠯ ᠨᠢ ᠤᠳᠤ ᠴᠦ ᠭᠡᠳ ᠥᠷᠭᠦᠯᠵᠢᠯᠡᠭᠰᠡᠭᠡᠷ ᠪᠤᠢ᠃      ᠬᠤᠵᠢᠮ ᠬᠤᠶᠢᠨ᠎ᠠ᠂ ᠪᠠᠨᠳᠢᠳᠠ ᠬᠡᠬᠡᠨ ᠭᠥᠭᠡ ᠤᠰᠤᠨ ᠠᠭᠤᠢ ︵ᠤᠳᠤ ᠶᠢᠨ ᠱᠠᠨᠰᠢ ᠮᠤᠵᠢ ᠶᠢᠨ ᠰᠠᠶᠢᠨᠳᠤᠷ᠎ᠠ ᠰᠢᠶᠠᠨ ᠤ ᠬᠠᠷᠢᠶᠠᠨ ᠳᠤ ᠪᠤᠢ︶ ᠭᠡᠳᠡᠭ ᠭᠠᠵᠠᠷ ᠭᠡᠶᠢᠵᠤ ᠮᠡᠨᠳᠤᠯᠡᠭᠡᠳ ︽ᠯᠠᠮ᠎ᠠ ᠶᠢᠨ ᠰᠥᠮ᠎ᠡ︾᠎ ᠶᠢ ᠪᠠᠶᠢᠭᠤᠯᠤᠭᠰᠠᠨ ᠪᠠᠶᠢᠨ᠎ᠠ᠃ ︽ᠯᠠᠮ᠎ᠠ ᠶᠢᠨ ᠰᠥᠮ᠎ᠡ︾ ᠬᠤᠶᠢᠰᠢ ᠨᠡᠭᠦᠵᠤ ᠢᠷᠡᠭᠰᠡᠨ ᠤ ᠳᠠᠷᠠᠭ᠎ᠠ ᠪᠠᠨᠳᠢᠳᠠ ᠭᠡᠭᠡᠨ ︽ᠪᠠᠨᠳᠢᠳᠠ ᠶᠢᠨ ᠰᠥᠮ᠎ᠡ︾᠂ ︽ᠨᠥᠭᠡᠨ ᠬᠠᠳᠠ ᠶᠢᠨ ᠰᠥᠮ᠎ᠡ︾᠂ ︽ᠤᠩᠭᠤᠴᠠᠳᠤ ᠶᠢᠨ ᠰᠥᠮ᠎ᠡ︾᠎ ᠶᠢ ᠥᠪᠡᠷ ᠤᠨ ᠬᠠᠷᠢᠶ᠎ᠠ ᠰᠥᠮ᠎ᠡ ᠪᠠᠨ ᠪᠤᠯᠭᠠᠭᠰᠠᠨ ᠪᠠᠶᠢᠨ᠎ᠠ᠃      ᠨᠢᠭᠡ ᠵᠢᠯ᠂ ᠤᠷᠳᠤᠰ ᠤᠨ ᠨᠠᠢᠮᠠᠨ ᠭᠡᠭᠡᠨ ᠤᠳᠤ ᠶᠢᠨ ᠵᠠᠰᠠᠭ ᠪᠠᠯᠭᠠᠰᠤ ᠶᠢᠨ ᠠᠮᠳᠤ ᠶᠢᠨ ᠰᠥᠮ᠎ᠡ ᠲᠤᠰᠬᠤᠨ ᠤ ᠬᠠᠷᠢᠶᠠᠨ ᠳᠤ ᠪᠥᠭᠦᠢ ︽ᠨᠠᠢᠮᠠᠨ ᠭᠡᠭᠡᠨ ᠤ ᠤᠷᠤᠢ︾ ᠳᠡᠭᠡᠷ᠎ᠡ ︽ᠪᠠᠨᠳᠢᠳᠠ︾ ᠰᠢᠯᠭᠠᠷᠠᠭᠤᠯᠬᠤ ᠪᠠᠷ ᠨᠤᠮ ᠬᠠᠶᠠᠵᠤ ᠴᠤᠶᠢᠷ ᠭᠡᠯᠡᠯᠴᠡᠵᠠᠢ᠃ ᠨᠢᠬᠡᠨ ᠡᠳᠤᠷ᠂ ᠥᠤᠰᠢᠨᠵᠤᠤ ᠶᠢᠨ ᠭᠡᠭᠡᠨ ︽︿ᠪᠠᠨᠳᠢᠳᠠ ᠶᠢᠨ ᠰᠥᠮ᠎ᠡ﹀ ᠎ ᠶᠢᠨ ᠨᠤᠳᠤᠭ ᠨᠢ ᠬᠠᠳᠠᠭᠤ ᠳᠡᠭᠡᠷ᠎ᠡ ᠰᠢᠯᠢᠨ ᠭᠥᠵᠥᠭᠦᠥ ᠳᠡᠭᠡᠷ᠎ᠡ ᠨᠢ ᠬᠠᠷᠢᠶᠠᠯ ᠤᠨ ᠤᠪᠤᠭ᠎ᠠ ︵ᠲᠤᠭᠠᠩ ᠤᠨ ᠤᠪᠤᠭ᠎ᠠ ᠶᠢ ᠵᠢᠭᠠᠵᠤ ᠪᠤᠢ︶ ᠪᠠᠶᠢᠬᠤ ᠪᠠᠷ ᠭᠠᠭᠴᠠᠭᠠᠷ ᠲᠠ ᠲᠠᠷᠤᠵᠤ ᠡᠰᠡ ᠲᠠᠶᠢᠯᠤᠮᠤᠢ︕︾ ᠬᠡᠰᠡᠨ ᠨᠢ ᠶᠠᠭ ᠰᠠᠶᠢᠬᠠᠨ ︽ᠪᠠᠨᠳᠢᠳᠠ ᠭᠡᠭᠡᠨ︾᠎ ᠤ ᠰᠠᠨᠠᠭᠠᠨ ᠳᠤ ᠨᠡᠶᠢᠴᠡᠭᠰᠡᠨ ᠢᠶᠠᠷ ︽ᠪᠠᠨᠳᠢᠳᠠ ᠶᠢᠨ ᠰᠥᠮ᠎ᠡ︾᠎ ᠶᠢ ᠵᠢᠷᠭᠤᠭ᠎ᠠ ᠲᠥᠷᠪᠡᠨ ᠬᠤᠪᠢ ᠬᠤᠪᠢᠶᠠᠨ ᠥᠤᠰᠢᠨ᠂ ᠵᠠᠰᠠᠭ ᠬᠤᠶᠠᠷ ᠬᠤᠰᠢᠭᠤᠨ ᠤ ᠭᠡᠶᠢᠳ ᠪᠤᠯᠭᠠᠵᠤ᠂ ︽ᠪᠠᠨᠳᠢᠳᠠ ᠭᠡᠭᠡᠨ︾᠂ ᠥᠤᠰᠢᠨᠵᠤᠤ ᠶᠢᠨ ᠭᠡᠭᠡᠨ ᠬᠠᠮᠳᠤᠪᠡᠷ ᠬᠠᠮᠢᠶᠠᠷᠴᠤ ᠵᠡᠬᠢᠷᠬᠤ ᠪᠤᠯᠤᠭᠰᠠᠨ ᠭᠡᠳᠡᠭ᠃
 
ᠢᠷᠡᠯᠲᠡ᠄ ᠲᠤᠰ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号