ᠲᠠᠷᠬᠠᠳ ᠴ᠊᠂ ᠰᠠᠶᠢᠬᠠᠨᠴᠡᠴᠡᠭ | | ᠦᠨᠦᠳᠦᠷ ᠪᠣᠯ ᠦᠭᠡᠯᠵᠢᠨ ᠰᠠᠷ᠎ᠠ ᠶᠢᠨ ᠬᠤᠷᠢᠨ ᠬᠤᠶᠠᠷ ᠪᠢᠯᠡ᠃ ᠪᠢ ᠬᠤᠰᠢᠭᠤᠨ ᠳᠤ ᠤᠴᠢᠭᠠᠳ ᠰᠢᠨ᠎ᠡ | ᠶᠢᠨ ᠪᠠᠷᠠᠭ᠎ᠠ ᠡᠨᠡ ᠲᠡᠷᠡ ᠪᠠᠨ ᠠᠪᠤᠭᠠᠳ᠂ ᠬᠠᠷᠢᠬᠤ ᠪᠠᠷ ᠲᠠᠪᠬᠢᠨ᠎ᠠ᠃ ᠮᠠᠨ ᠤ ᠭᠡᠷ ᠤᠨ ᠬᠠᠷᠢᠬᠤ ᠵᠠᠮ ᠲᠠᠭᠡᠷ᠎ᠡ ᠨᠢ | ︽ᠵᠢᠷᠭᠠᠯᠠᠩᠳᠦ︾ ᠨᠠᠰᠣᠲᠠᠶᠢᠴᠣᠳ ᠤᠨ ᠠᠰᠠᠷᠠᠭᠴᠢ ᠶᠢᠨ ᠬᠦᠷᠢᠶᠠᠡᠯᠡᠭ ᠲᠠᠢ᠃ ᠲᠡᠨᠳᠡ ᠮᠢᠨᠤ ᠲᠠᠨᠢᠳᠠᠭ ᠲᠤᠷᠵᠢ | ᠠᠪᠤ ᠮᠢᠨᠢ ᠰᠠᠭᠤᠳᠠᠭ᠃ ᠲᠡᠷᠡ ᠪᠣᠯ ᠮᠢᠨᠤ ᠠᠪᠤ ᠶᠢᠨ ᠬᠠᠮᠲᠤ ᠰᠤᠷᠤᠯᠭᠠᠳᠠᠨ ᠨᠢ ᠪᠦᠭᠡᠳ ᠪᠠᠭ᠎ᠠ ᠶᠢᠨ ᠨᠠᠶᠢᠵᠠ ᠨᠢ | ᠪᠤᠯᠤᠨ᠎ᠠ᠃ ᠠᠪᠤ ᠲᠠᠩᠳᠡ ᠪᠠᠨ ᠯᠠ ︽ᠬᠦᠤ ᠮᠢᠨᠢ ᠵᠠᠪ ᠴᠢᠯᠦᠭᠡ ᠪᠠᠷ ᠢᠶᠠᠨ ᠳᠤᠷᠵᠢ ᠠᠪᠤ ᠲᠠᠢ ᠪᠠᠨ ᠤᠴᠢᠵᠤ | ᠵᠤᠯᠭᠠᠳᠠᠭ ᠶᠤᠮ ᠰᠢᠤ᠂ ᠬᠦᠭᠡᠷᠦᠬᠦᠢ ᠲᠡᠷᠡ ᠮᠢᠨᠢ ᠭᠠᠭᠴᠠᠭᠠᠷᠬᠠᠨ᠂ ᠦᠷ᠎ᠡ ᠶᠢᠨ ᠭᠠᠭᠴᠠ ᠬᠦᠤ ᠨᠢ ᠪᠠᠰᠠ | ᠭᠠᠳᠠᠭᠠᠳᠤ ᠳᠤ ᠠᠵᠢᠯ ᠲᠠᠢ︾ ᠭᠡᠵᠦ ᠶᠡᠷᠢᠳᠠᠭ᠃ ᠴᠤᠬᠤᠮ ᠠᠪᠤ ᠶᠢᠨ ᠵᠠᠬᠢᠭᠰᠠᠨ ᠢ ᠴᠡᠭᠡᠵᠢᠯᠡᠭᠰᠡᠨ ᠤ ᠬᠢ ᠪᠤᠯᠪᠠᠤ | ︖ ᠪᠢ ᠡᠨᠡ ᠵᠠᠮ ᠢᠶᠠᠷ ᠶᠠᠪᠤᠬᠤ ᠪᠤᠯᠭᠠᠨ ᠲᠡᠷᠡ ᠠᠪᠤ ᠮᠢᠨᠤ ᠪᠤᠳᠤᠯ ᠳᠤ ᠬᠡᠵᠢᠶᠡᠳᠡ ᠪᠠᠨ ᠪᠤᠳᠤᠭᠳᠠᠨ᠎ᠠ᠃ | ︽ᠵᠢᠷᠭᠠᠯᠠᠩᠲᠦ︾ ᠨᠠᠰᠤᠲᠠᠶᠢᠴᠦᠳ ᠤᠨ ᠠᠰᠠᠷᠠᠭᠴᠢ ᠶᠢᠨ ᠬᠦᠷᠢᠶᠡᠯᠡᠩ ᠦᠨᠦᠳᠦᠷ ᠡᠯᠦᠢ ᠬᠤᠯᠦᠢ᠃ | ᠬᠦᠮᠦᠰ ᠪᠦᠷ ᠰᠢᠨᠡᠯᠡᠬᠦ ᠪᠠᠷ ᠬᠠᠷᠢᠵᠠᠭᠠᠭᠰᠠᠨ ᠪᠤᠯᠬᠤᠷ ᠬᠤᠭᠤᠰᠤᠨ ᠪᠠᠶᠢᠰᠢᠩ ᠬᠦᠷᠢᠶ᠎ᠡ ᠨᠢ ᠭᠠᠭᠴᠠᠭᠠᠷᠳᠠᠯ ᠶᠠᠭᠤ | ᠭᠡᠳᠡᠭ ᠢ ᠦᠵᠡᠭᠦᠯᠵᠤ ᠪᠠᠶᠢᠯ᠎ᠠ᠃ ᠬᠡᠳᠦᠨ ᠲᠠᠪᠠᠭ ᠦᠨᠳᠦᠷ ᠤᠯᠢᠶᠠᠰᠤ ᠰᠠᠯᠬᠢᠨ ᠳᠤ ᠲᠠᠶᠢᠪᠤᠡᠭ ᠨᠠᠶᠢᠭᠤᠬᠤ ᠨᠢ | ᠶᠠᠭ ᠯᠠ ᠡᠨᠡ ᠬᠦᠷᠢᠶᠡᠨ ᠤ ᠡᠵᠡᠷᠬᠡᠭᠴᠢ ᠪᠤᠯ ᠪᠢ ᠭᠡᠭᠦ ᠰᠢᠭ᠃ | ᠭᠦᠷᠢᠶᠠᠨ ᠡᠭᠦᠳᠡᠨ ᠲᠡᠭᠡᠷ᠎ᠡ ᠠᠰᠠᠷᠠᠭᠴᠢᠳ ᠨᠠᠰᠤᠲᠠᠶᠢᠴᠤᠳ ᠢ ᠨᠢᠭᠡ ᠨᠢᠭᠡ ᠪᠠᠷ ᠬᠡᠤᠬᠡᠳ ᠤᠳ ᠲᠤ ᠨᠢ | ᠳᠤᠰᠢᠶᠠᠵᠤ᠄ ︽ᠰᠢᠨ᠎ᠠ ᠵᠢᠯ ᠲᠤ ᠪᠠᠨ ᠪᠠᠶ᠎ᠠ ᠪᠠᠨ ᠰᠠᠶᠢᠬᠠᠨ ᠰᠤᠪᠢᠯᠠᠨ᠂ ᠪᠠᠶᠠᠷ ᠵᠢᠷᠭᠠᠯ ᠲᠠᠢ ᠪᠠᠶᠢᠭᠠᠷᠠᠢ︕︾ | ᠭᠡᠵᠦ ᠮᠤᠷᠳᠠᠭᠤᠯᠵᠤ ᠪᠠᠶᠢᠪᠠ᠃ ᠡᠪᠦᠭᠡ ᠡᠮᠡᠭᠡ ᠨᠠᠷ ᠬᠡᠤᠬᠡᠳ ᠲᠠᠢ ᠪᠠᠨ ᠭᠠᠷ ᠭᠠᠷ ᠪᠠᠨ ᠭᠦᠳᠦᠯᠡᠯᠴᠡᠨ ᠨᠢᠭᠤᠷ | ᠳᠠᠭᠠᠨ ᠪᠠᠶᠠᠷ ᠤᠨ ᠭᠡᠭᠡ ᠳᠠᠲᠠᠨ᠎ᠠ᠃ ᠬᠦᠷᠢᠶᠡᠨ ᠲᠤᠳᠤᠷ᠎ᠠ ᠲᠠᠮᠢᠷ ᠤᠨ ᠬᠤᠪᠴᠠᠰᠤ ᠡᠮᠦᠰᠦᠭᠰᠠᠨ ᠨᠠᠶᠠᠭᠠᠳ | ᠨᠠᠰᠣᠲᠠᠢ ᠠᠪᠤ ᠲᠠᠶ᠋ᠢᠭ ᠢᠶᠠᠨ ᠲᠤᠭᠰᠢᠯᠠᠨ ᠨᠠᠭᠠᠰᠢ ᠴᠠᠭᠠᠰᠢ ᠠᠯᠬᠤᠯᠠᠨ ᠲᠤᠭᠲᠠᠪᠤᠷᠢ ᠠᠯᠳᠠᠬᠤ ᠶᠤᠮ᠃ ᠪᠢ ᠲᠡᠷᠡ | ᠨᠠᠰᠣᠲᠠᠨ ᠢ ᠦᠵᠡᠮᠡᠭᠴᠡ ᠳᠤᠷᠵᠢ ᠠᠪᠤ ᠪᠠᠶᠢᠭ᠎ᠠ ᠶᠢ ᠲᠠᠨᠢᠪᠠ᠃ | ᠡᠨᠡ ᠨᠠᠰᠤᠲᠠᠨ ᠬᠡᠳᠦᠶᠢᠪᠡᠷ ᠠᠪᠤ ᠶᠢᠨ ᠬᠠᠮᠲᠤ ᠰᠤᠷᠤᠯᠳᠠᠭᠠᠨ ᠪᠤᠯᠪᠠᠴᠤ᠂ ᠬᠡᠳᠦᠨ ᠵᠢᠯ ᠤᠨ ᠡᠮᠦᠨ᠎ᠡ ᠪᠢ | ᠠᠳᠡ ᠡᠵᠢ ᠪᠠᠨ ᠲᠠᠭᠠᠭᠠᠳ ᠨᠢᠭᠡ ᠬᠤᠯᠠ ᠶᠢᠨ ᠳᠦᠷᠦᠯ ᠲᠠᠢ ᠵᠤᠯᠭᠠᠬᠤ ᠪᠠᠷ ᠢᠷᠡᠬᠦ ᠳᠡᠭᠡᠨ ᠲᠡᠭᠦᠨ ᠲᠠᠢ ᠰᠠᠶᠢᠬᠠᠨ | ᠲᠠᠨᠢᠯᠴᠠᠭᠰᠠᠨ ᠶᠤᠮ᠃ ᠲᠤᠷᠵᠢ ᠠᠪᠤ ᠪᠣᠯ ᠶᠡᠭᠡ ᠡᠶᠡᠯᠳᠡᠭ ᠬᠠᠯᠠᠭᠤᠮᠰᠤᠭ ᠵᠠᠩ ᠲᠠᠢ ᠬᠦᠮᠦᠨ ᠪᠠᠶᠢᠪᠠ᠃ ᠲᠡᠷᠡ | ᠪᠢᠳᠠᠨ ᠲᠠᠢ ᠠᠭᠤᠯᠵᠠᠭᠠᠳ ᠡᠵᠢ ᠲᠠᠢ ᠮᠡᠨᠳᠦᠴᠢᠯᠡᠭᠡᠳ ᠨᠠᠮᠠᠢᠢ ᠦᠵᠡᠮᠡᠭᠴᠡ᠄ ︽ᠡᠨᠡ ᠬᠦᠤ ᠮᠠᠨ ᠤ ᠪᠠᠭᠠᠲᠤᠷ ᠤᠨ | ᠵᠠᠯᠠᠭᠤ ᠦᠶ᠎ᠡ ᠲᠠᠢ ᠠᠪ ᠠᠳᠠᠯᠢ ᠪᠠᠶᠢᠨ᠎ᠠ ᠰᠢᠣ᠂ ᠠᠪᠤ ᠴᠢᠨᠢ ᠲᠡᠭᠡᠭᠡᠳ ᠶᠠᠭᠤᠨ ᠳᠠᠭᠠᠨ ᠡᠭᠦᠷᠳᠡᠵᠦ ᠪᠠᠶᠢᠨ᠎ᠠ︖︾ | ᠭᠡᠵᠤ ᠰᠢᠭᠤᠳ ᠨᠠᠳᠠ ᠲᠠᠢ ᠶᠠᠭ ᠲᠠᠨᠢᠯ ᠰᠢᠭ᠋ ᠶᠡᠷᠢᠯ᠎ᠠ᠃ ᠪᠢ᠄ ︽ᠠᠪᠤ ᠭᠡᠷ ᠲᠤ ᠪᠠᠨ ᠪᠠᠶᠢᠬᠤ︾ ᠭᠡᠳ ᠯᠠ | ᠡᠵᠢ ᠶᠢᠨ ᠲᠡᠷᠭᠡᠳᠡ ᠲᠤᠭᠤᠢ ᠵᠤᠭᠰᠤᠬᠤ ᠳᠤ᠄ ︽ᠲᠡᠨᠡᠷ ᠤᠨ ᠡᠷᠢᠬᠦ ᠭᠡᠰᠡᠨ ᠲᠦᠷᠦᠯ ᠢ ᠴᠢᠨᠢ ᠪᠢ ᠤᠯᠤᠭᠠᠳ | ᠦᠭᠭᠦᠶ᠎ᠠ︾ ᠭᠡᠳ ᠪᠢᠳᠠᠨ ᠢ ᠲᠠᠭᠠᠭᠤᠯᠵᠤ ᠶᠠᠪᠤᠭᠰᠠᠨ ᠪᠢᠯᠠ᠃ ᠲᠤᠷᠵᠢ ᠠᠪᠤ ᠤᠯᠠᠨ ᠦᠭᠡ ᠪᠠᠨ ᠳᠡᠯᠭᠡᠭᠡᠳ ᠯᠠ᠂ | ᠪᠢ ᠬᠠᠯᠠᠭᠤᠨ ᠵᠤᠨ ᠤ ᠲᠡᠮᠡᠭᠡ ᠰᠢᠭ ᠠᠩᠭᠠᠶᠢᠭᠠᠳ ᠰᠤᠨᠤᠰᠴᠤ ᠶᠠᠪᠤᠯ᠎ᠠ᠃ ᠦᠷ᠎ᠡ ᠶᠢᠨ ᠭᠠᠭᠴᠠ ᠬᠦᠤ ᠨᠢ ᠭᠧᠷᠮᠠᠨ | ᠳᠤ ᠠᠵᠢᠯ ᠲᠠᠢ᠂ ᠰᠢᠨᠠᠯᠠᠬᠦ ᠳᠤ ᠬᠠᠷᠢᠵᠤ ᠢᠷᠡᠳᠡᠭ ᠭᠡᠵᠦ ᠬᠡᠯᠡᠵᠦ ᠪᠠᠶᠢᠪᠠ᠃ | ᠪᠢ ᠨᠢᠭᠡ ᠠᠵᠢᠯᠴᠢᠨ ᠠᠴᠠ᠄ ︽ᠠᠰᠠᠷᠠᠭᠴᠢ ᠡ᠂ ᠳᠤᠷᠵᠢ ᠠᠪᠤ ᠶᠢᠨ ᠬᠦᠤ ᠨᠢ ᠭᠧᠷᠮᠠᠨ ᠠᠴᠠ ᠢᠷᠡᠭᠡ | ᠦᠬᠡᠢ ᠶᠤᠮ ᠤᠤ︖︾ ᠭᠡᠪᠡᠯ᠂ ᠬᠠᠵᠠᠭᠤ ᠶᠢᠨ ᠨᠢᠭᠡ ᠨᠠᠰᠤᠲᠠᠨ ᠠᠮᠵᠢᠵᠤ᠄ ︽ᠲᠡᠷᠡ ᠰᠤᠯᠢᠶᠠᠳᠦ ᠶᠢᠨ ᠭᠦᠦ ᠨᠢ | ᠠᠯᠢ ᠵᠢᠯ ᠢᠷᠡᠵᠤ ᠪᠠᠶᠢᠯ᠎ᠠ ᠳ᠋ᠠ︖ ᠴᠤᠬᠤᠮ ᠲᠡᠭᠦᠨ ᠳᠤ ᠲᠦᠷᠦᠭᠰᠡᠨ ᠬᠦᠤ ᠪᠠᠶᠢᠳᠠᠭ ᠦᠬᠡᠢ ᠶᠢ ᠭᠡᠨ ᠮᠡᠳᠡᠯ᠎ᠡ︾ | ᠭᠡᠯᠡ᠃ ᠪᠢ ᠦᠭᠡ ᠲᠠᠭᠤᠨ ᠦᠬᠡᠢ᠂ ᠰᠢᠭᠤᠳ ᠠᠯᠬᠤᠭᠰᠠᠭᠠᠷ ᠬᠦᠷᠢᠶᠡᠨ ᠳᠤ ᠤᠷᠤᠯ᠎ᠠ᠃ | ᠮᠢᠨᠤ ᠬᠤᠶᠢᠨ᠎ᠠ ᠠᠴᠠ ᠠᠰᠠᠷᠠᠭᠴᠢ ᠤᠳ᠄ ︽ᠲᠤᠷᠵᠢ ᠡᠪᠤᠭᠡᠨ ᠢ ᠪᠠ᠊ ᠠᠰᠠᠷᠠᠭᠴᠢ ᠭᠡᠷ ᠲᠡᠭᠡᠨ ᠠᠪᠴᠤ | ᠶᠠᠪᠤᠬᠤ ᠭᠡᠵᠦ ᠪᠠᠶᠢᠨ᠎ᠠ᠂ ᠲᠠ ᠤᠴᠢᠭᠠᠳ ᠴᠦ ᠬᠡᠷᠡᠭ ᠦᠬᠡᠢ︾ ᠭᠡᠵᠦ ᠬᠠᠰᠬᠢᠷᠠᠬᠤ ᠶᠢ ᠪᠢ ᠰᠤᠨᠤᠰᠤᠭᠰᠠᠨ ᠦᠬᠡᠢ | ᠰᠢᠭ᠄ ︽ᠪᠢ ᠳᠤᠷᠵᠢ ᠠᠪᠤ ᠲᠠᠢ ᠪᠠᠨ ᠰᠢᠨᠡᠯᠡᠨ᠎ᠠ︾ ᠭᠡᠳ ᠯᠠ ᠨᠠᠰᠤᠲᠠᠨ ᠤ ᠪᠠᠶᠢᠷᠢ ᠶᠢ ᠴᠢᠭᠯᠡᠪᠡ᠃ | ᠠᠪᠤ ᠡᠵᠢ ᠪᠤᠯᠤᠭᠰᠠᠳ ᠮᠢᠨᠢ᠂ ᠡᠳᠦᠷ ᠲᠤ ᠪᠠᠨ ᠦᠷ᠎ᠡ ᠪᠠᠨ ᠪᠠᠷᠠᠯᠠᠵᠤ ᠪᠠᠶᠢᠭ᠎ᠠ ᠶᠢ ᠠᠯᠤᠰ ᠲᠤ ᠰᠠᠭᠤᠭ᠎ᠠ | ᠬᠦᠤ ᠨᠢ ᠮᠡᠳᠡᠳᠡᠭ ᠴᠦ ᠪᠤᠯᠪᠠᠤ︖ ᠠᠪᠤ ᠶᠢᠨ ᠴᠢᠨᠢ ᠳᠦᠷᠢ ᠴᠢᠨᠤ ᠵᠡᠭᠦᠳᠦᠨ ᠳᠤ ᠢᠷᠡᠬᠦ ᠦᠬᠡᠢ ᠴᠦ᠂ ᠴᠢᠨᠤ | ᠬᠦᠭᠡᠷᠦᠭᠦᠨ ᠠᠯᠢᠶᠠᠬᠠᠨ ᠴᠢᠷᠠᠢ ᠨᠢ ᠨᠠᠰᠤᠲᠠᠨ ᠤ ᠡᠳᠦᠷ ᠪᠦᠷᠢ ᠶᠢᠨ ᠪᠤᠳᠤᠯ᠂ ᠦᠳᠡᠰᠢ ᠪᠦᠷᠢ ᠶᠢᠨ ᠵᠡᠭᠦᠳᠦᠨ ᠳᠤ | ᠲᠡᠳᠡᠨ ᠲᠠᠢ ᠬᠠᠮᠳᠤ ᠪᠠᠶᠢᠳᠠᠭ᠃ | ᠬᠦᠷᠢᠶᠡᠨ ᠡᠭᠦᠳᠡᠨ ᠤ ᠬᠤᠶᠠᠷ ᠲᠠᠯ᠎ᠠ ᠳᠤ ᠪᠠᠶᠢᠭ᠎ᠠ ᠭᠢᠳᠠᠳ ᠮᠤᠩᠭᠤᠯ ᠢᠶᠠᠷ ᠵᠤᠷᠠᠶᠢᠯᠭᠠᠨ ᠪᠢᠴᠢᠭᠰᠡᠨ ︽ | ᠵᠢᠷᠭᠠᠯᠠᠩᠳᠦ︾ ᠬᠡᠬᠦ ᠲᠤᠮᠦ ᠦᠰᠦᠭ ᠨᠢ ᠵᠠᠭᠤᠨ ᠮᠧᠲᠷ ᠤᠨ ᠬᠤᠯᠠ ᠠᠴᠠ ᠲᠤᠳᠤᠬᠠᠨ ᠦᠵᠡᠭᠳᠡᠨ᠎ᠡ᠃ | ᠨᠠᠰᠣᠲᠠᠶᠢᠴᠣᠳ ᠤᠨ ᠰᠡᠳᠬᠢᠯ ᠳᠤ ᠡᠨᠡ ᠦᠰᠦᠭ ᠲᠤᠩ ᠵᠢᠵᠢᠭᠬᠡᠨ ᠪᠠᠶᠢᠵᠤ᠂ ᠴᠭᠠᠰᠢᠯᠠᠭᠠᠳ ᠲᠡᠭᠦᠨ ᠢ | ᠴᠡᠭᠡᠵᠢᠯᠡᠵᠤ ᠪᠠᠶᠢᠬᠤ ᠬᠦᠮᠦᠨ ᠬᠡᠳᠦ ᠯᠠ ᠪᠠᠶᠢᠬᠤ ᠳ᠋ᠠ᠃ ︽ᠬᠦᠤ ᠮᠢᠨᠢ᠂ ᠦᠬᠢᠨ ᠮᠢᠨᠢ᠂ ᠭᠡᠷ ᠮᠢᠨᠢ ᠁︾ | ᠭᠡᠬᠦ ᠦᠰᠦᠭ ᠤᠳ ᠨᠡᠩ ᠳᠤᠯᠠᠭᠠᠬᠠᠨ ᠵᠢᠷᠭᠠᠯᠳᠠᠢ ᠰᠠᠨᠠᠭᠳᠠᠳᠠᠭ᠃ | ᠪᠢ ᠡᠨᠡᠬᠦ ᠡᠯᠦᠢ ᠬᠤᠯᠤᠢ ᠪᠠᠶᠢᠭ᠎ᠠ ᠲᠤᠮᠤ ᠬᠦᠷᠢᠶᠡᠨ ᠳᠤ ᠳᠤᠷᠵᠢ ᠠᠪᠤ ᠶᠢ ᠬᠠᠶᠢᠵᠤ᠂ ᠨᠠᠰᠤᠲᠠᠶᠢᠴᠤᠳ ᠤᠨ | ᠪᠠᠶᠢᠷᠢ ᠶᠢᠨ ᠨᠠᠷᠢᠬᠠᠨ ᠭᠤᠲᠤᠮᠵᠢ ᠪᠠᠷ ᠨᠠᠭᠠᠰᠢ ᠴᠠᠭᠠᠰᠢ ᠭᠡᠰᠡᠯᠡ᠃ ᠨᠢᠭᠡ ᠴᠦ ᠬᠦᠮᠦᠨ ᠦᠭᠡᠢ ᠡᠵᠡᠭᠦᠢ ᠭᠡᠷ ᠤᠳ | ᠨᠠᠮᠠᠢᠢ ᠰᠢᠷᠳᠡᠵᠦ᠂ ᠮᠢᠨᠤ ᠠᠯᠬᠤᠬᠤ ᠴᠢᠮᠡᠭᠡ ᠨᠠᠳᠠᠳᠤ ᠬᠠᠨᠢ ᠪᠤᠯᠤᠨ᠎ᠠ᠃ ᠭᠡᠨᠡᠳᠳᠡ ᠬᠠᠮᠢᠭ᠎ᠠ ᠨᠢᠭᠡ ᠬᠦᠮᠦᠨ | ᠦᠭᠡ ᠶᠠᠷᠢᠬᠤ ᠰᠢᠭ᠋ ᠰᠤᠨᠤᠰᠲᠠᠵᠤ᠂ ᠲᠡᠷᠡ ᠲᠠᠭᠤ ᠶᠠᠭ ᠲᠤᠭᠤᠰᠬᠠᠨ ᠬᠦᠷᠢᠶᠡᠨ ᠬᠦᠪᠡᠭᠡ ᠪᠠᠷ ᠤᠷᠭᠤᠵᠤ ᠪᠠᠶᠢᠭ᠎ᠠ | ᠦᠨᠳᠦᠷ ᠦᠯᠢᠶᠡᠰᠦᠨ ᠲᠡᠨᠳᠡ ᠠᠴᠠ ᠲᠤᠭᠤᠯᠳᠠᠯ᠎ᠠ᠃ ᠪᠢ ᠰᠤᠨᠤᠷ ᠤᠨ ᠰᠡᠷᠡᠮᠵᠡ ᠪᠠᠨ ᠢᠳᠬᠡᠵᠦ᠂ ᠤᠯᠢᠶᠡᠰᠤᠨ | ᠮᠤᠳᠤᠳ ᠤᠨ ᠲᠤᠤᠷ᠎ᠠ ᠤᠴᠢᠯ᠎ᠠ᠃ ᠳᠤᠷᠵᠢ ᠠᠪᠦ ᠨᠢᠭᠡ ᠦᠨᠳᠦᠷ ᠤᠯᠢᠶᠠᠰᠤ ᠶᠢ ᠢᠯᠪᠡᠨ᠄ ︽ᠴᠢ ᠴᠦ ᠦᠨᠳᠦᠷ | ᠤᠷᠭᠤᠵᠠᠢ ᠳ᠋ᠠ᠂ ᠴᠢᠮ᠎ᠠ ᠶᠢ ᠨᠢᠯᠬ᠎ᠠ ᠰᠤᠶᠤᠭ᠎ᠠ ᠪᠠᠶᠢᠬᠤ ᠳᠤ ᠬᠦᠤ ᠪᠢᠳᠠ ᠬᠤᠶᠠᠷ ᠲᠠᠷᠢᠭᠰᠠᠨ ᠶᠤᠮ︾ ᠬᠡᠵᠦ | ᠨᠢᠯᠪᠤᠰᠦ ᠪᠠᠨ ᠠᠷᠴᠢᠬᠤ ᠰᠢᠭ᠋ ᠪᠤᠯᠤᠯ᠎ᠠ᠃ | ᠡᠨᠡ ᠨᠢ ᠶᠠᠭ ᠯᠠ ᠬᠦᠤ ᠲᠠᠢ ᠪᠠᠨ ᠨᠠᠷᠭᠢᠵᠤ ᠪᠠᠶᠢᠭ᠎ᠠ ᠰᠢᠭ᠋᠃ ᠪᠢ ᠤᠷᠤᠨ ᠳᠤ ᠪᠠᠨ ᠵᠤᠭᠰᠤᠭᠠᠳ | ᠤᠷᠤᠭᠰᠢ ᠠᠯᠬᠤᠬᠤ ᠵᠤᠷᠢᠭ ᠪᠠᠶᠢᠭᠰᠠᠨ ᠦᠬᠡᠢ᠃ ᠨᠢᠭᠡ ᠮᠢᠨᠦ᠋ᠲ᠂ ᠬᠤᠶᠠᠷ ᠮᠢᠨᠦ᠊ᠲ ᠁ ᠨᠢᠭᠡ ᠴᠠᠭ ᠭᠡᠳ | ᠯᠠ ᠦᠡᠭᠭᠡᠷᠡᠵᠦ ᠪᠠᠶᠢᠯ᠎ᠠ᠃ ᠭᠡᠨᠡᠳᠲᠠ ᠲᠤᠷᠵᠢ ᠠᠪᠤ ᠮᠢᠨᠤ ᠲᠡᠷᠭᠡᠳᠡ ᠢᠷᠡᠭᠡᠳ᠄ ︽ᠬᠦᠶ᠋ᠢ︕ ᠮᠢᠨᠤ ᠬᠦᠤ | ᠢᠷᠡᠴᠢᠭᠡᠭᠰᠡᠨ ᠪᠠᠶᠢᠵᠤ ᠳ᠋ᠠ᠂ ᠠᠪᠤ ᠨᠢ ᠴᠢᠮ᠎ᠡ ᠪᠠᠰᠠ ᠯᠠ ᠡᠨᠡ ᠵᠢᠯ ᠢᠷᠡᠵᠦ ᠠᠮᠵᠢᠬᠤ ᠦᠬᠡᠢ ᠪᠤᠢ ᠭᠡᠳ | ᠪᠤᠳᠤᠭᠰᠠᠨ᠂ ᠴᠢᠨᠤ ᠲᠠᠷᠢᠭᠰᠠᠨ ᠮᠤᠳᠤ ᠲᠠᠢ ᠶᠠᠷᠢᠯᠴᠠᠬᠤ ᠠᠴᠠ ᠦᠭᠡᠷ᠎ᠡ ᠠᠪᠤ ᠲᠠᠢ ᠴᠢᠨᠢ ᠬᠠᠨᠢ ᠪᠤᠯᠬᠤ ᠬᠦᠮᠦᠨ | ᠦᠬᠡᠢ ᠯᠠ ᠳ᠋ᠠ︾ ᠭᠡᠵᠦ ᠨᠢᠯᠪᠤᠰᠤ ᠪᠠᠨ ᠠᠷᠴᠢᠨ ᠮᠢᠨᠤ ᠬᠠᠴᠠᠷ ᠢ ᠦᠨᠦᠰᠦᠪᠡ᠃ | ᠪᠢ ᠵᠢᠭᠠᠬᠠᠨ ᠴᠠᠭ ᠶᠠᠭ ᠶᠠᠭᠤ ᠬᠡᠯᠡᠬᠦ ᠪᠠᠨ ᠤᠯᠬᠤ ᠦᠬᠡᠢ ᠤᠳᠠᠵᠤ ᠤᠳᠠᠭᠠᠳ᠄ ︽ᠢᠷᠡᠴᠢᠭᠡᠭᠰᠡᠨ ᠠᠪᠤ ᠡ ᠁ | ︾ ᠭᠡᠳ ᠨᠠᠰᠤᠲᠠᠨ ᠤ ᠬᠤᠶᠠᠷ ᠭᠠᠷ ᠠᠴᠠ ᠪᠠᠷᠢᠯ᠎ᠠ᠃ ︽ᠡᠷᠳᠡᠭᠡᠭᠦᠷ ᠤᠲᠠᠰᠤ ᠪᠠᠷ ᠶᠠᠷᠢᠬᠤ ᠳᠠᠭᠠᠨ᠂ ᠲᠠᠨᠳᠡ | ᠰᠦᠷᠡᠬᠡᠢ ᠶᠠᠭᠠᠷᠠᠤ ᠪᠠᠶᠢᠨ᠎ᠠ ᠬᠡᠰᠡᠨ ᠰᠢᠳᠡ᠂ ᠤᠳᠤ ᠲᠡᠭᠡᠭᠡᠳ ᠬᠦᠤ ᠮᠢᠨᠢ ᠠᠳᠡ ᠢᠡᠭᠬᠢᠭᠡᠳ ᠵᠤᠭᠰᠤᠬᠤ ᠪᠠᠷ ᠠᠪᠤ | ᠨᠢ ᠢᠳᠡᠭᠡᠭᠦ ᠦᠬᠡᠢ ᠰᠢᠭ ᠪᠤᠯᠬᠤ ᠶᠤᠮ︾ ᠭᠡᠪᠡᠯ᠄ ︽ᠪᠢ ᠶᠡᠷᠦ ᠨᠢ ᠲᠠᠨ ᠤ ᠁︾ ᠭᠡᠵᠦ ᠴᠠᠭᠠᠰᠢ ᠶᠠᠮᠠᠷ | ᠦᠬᠡ ᠵᠤᠬᠢᠶᠠᠵᠤ ᠬᠡᠯᠡᠬᠦ ᠪᠠᠨ ᠮᠡᠳᠡᠬᠦ ᠦᠬᠡᠢ ᠪᠤᠯᠵᠤ᠄ ︽ᠪᠢ ᠲᠠᠨ ᠢ ᠰᠠᠨᠠᠭᠠᠳ ᠁︾ ᠭᠡᠵᠦ ᠨᠠᠰᠣᠲᠠᠨ ᠢ | ᠰᠢᠷᠳᠡᠪᠡ᠃ | ᠪᠢ ᠨᠠᠰᠣᠲᠠᠨ ᠢ ᠲᠦᠰᠢᠭᠡᠳ ᠰᠠᠭᠤᠳᠠᠭ ᠭᠡᠷ ᠲᠤ ᠨᠢ ᠤᠷᠤᠯ᠎ᠠ᠃ ᠭᠡᠷ ᠤᠨ ᠪᠦᠬᠦ ᠬᠡᠷᠡᠮ ᠲᠡᠭᠡᠷ᠎ᠡ ᠪᠠᠨ | ᠨᠢᠭᠡ ᠯᠠ ᠵᠠᠯᠠᠭᠤ ᠬᠦᠮᠦᠨ ᠤ ᠰᠠᠭᠦᠳᠡᠷ ᠢ ᠨᠠᠭᠠᠭᠠᠳ ᠨᠢᠳᠦ ᠡᠷᠢᠶᠡᠯᠵᠡᠨ᠎ᠡ᠃ ᠪᠢ ᠰᠡᠭᠦᠳᠡᠷ ᠢ ᠬᠠᠷᠠᠪᠠᠯ ᠲᠤᠷᠵᠢ | ᠠᠪᠤ᠄ ︽ᠬᠦᠤ ᠮᠢᠨᠢ ᠶᠠᠭᠤ ᠶᠢ ᠨᠢ ᠭᠠᠶᠢᠬᠠᠬᠤ ᠪᠤᠢ᠂ ᠪᠦᠷ ᠯᠠ ᠴᠢᠨᠤ ᠰᠡᠭᠦᠳᠡᠷ ᠰᠢᠳᠡ᠂ ᠴᠢ ᠪᠢᠴᠢᠭ ᠤᠨ | ᠰᠢᠷᠡᠭᠡᠨ ᠲᠡᠭᠡᠷ᠎ᠡ ᠪᠠᠶᠢᠭ᠎ᠠ ᠰᠡᠭᠦᠳᠡᠷ ᠢ ᠦᠵᠡᠭᠰᠡᠨ ᠦᠬᠡᠢ ᠤᠳᠠᠯ᠎ᠠ ᠰᠢᠤ᠂ ᠴᠢᠮ᠎ᠠ ᠳᠤ ᠡᠨᠡ ᠰᠡᠭᠦᠳᠡᠷ ᠪᠠᠶᠢᠭ᠎ᠠ | ᠪᠢᠯᠢᠤ︖ ᠡᠵᠢ ᠴᠢᠨᠢ ᠪᠤᠷᠬᠠᠨ ᠪᠤᠯᠤᠭᠠᠳ ᠬᠤᠷᠢᠨ ᠵᠢᠯ ᠪᠤᠯᠵᠤ ᠪᠠᠶᠢᠨ᠎ᠠ᠂ ᠡᠪᠡᠳᠴᠢᠨ ᠭᠡᠳᠡᠭ ᠰᠠᠯᠵᠤ ᠪᠤᠯᠳᠠᠭ | ᠦᠬᠡᠢ ᠵᠤᠪᠠᠯᠠᠩ᠂ ᠠᠢ︕ ᠪᠠᠶᠢᠪᠠᠯ ᠪᠠᠶᠢᠳᠠᠭ ᠯᠠ ᠬᠦᠮᠦᠨ ᠳ᠋ᠠ ᠁︾ ᠭᠡᠵᠦ ᠲᠤᠷᠵᠢ ᠠᠪᠦ ᠨᠢᠭᠡ ᠨᠤᠭᠤᠭᠠᠨ | ᠲᠤᠷᠭᠠᠨ ᠲᠡᠪᠡᠯ ᠲᠠᠢ ᠵᠠᠯᠠᠭᠤᠬᠠᠨ ᠪᠦᠰᠡᠭᠦᠢ ᠪᠤᠯᠤᠨ ᠬᠦᠬᠡ ᠲᠤᠷᠭᠠᠨ ᠲᠡᠪᠡᠯ ᠲᠠᠢ ᠵᠠᠯᠠᠭᠤ ᠬᠤᠶᠠᠭᠤᠯᠠ ᠲᠤᠮᠳᠠ | ᠪᠠᠨ ᠲᠤᠯᠤᠭ᠎ᠠ ᠨᠠᠢᠮᠠᠨ ᠨᠠᠰᠤᠨ ᠤ ᠪᠢᠴᠢᠬᠠᠨ ᠬᠦᠤ ᠲᠡᠪᠡᠷᠢᠭᠰᠡᠨ ᠰᠡᠭᠦᠳᠡᠷ ᠢ ᠨᠠᠳᠠ ᠦᠭᠭᠦᠯ᠎ᠠ᠃ ᠪᠢ ᠰᠢᠭᠤᠳ ᠯᠠ | ᠄ ︽ᠠᠪᠤ ᠡ᠂ ᠡᠨᠡ ᠰᠡᠭᠦᠳᠡᠷ ᠨᠠᠳᠠᠳᠦ ᠪᠠᠶᠢᠨ᠎ᠠ︾ ᠭᠡᠳ ᠠᠵᠢᠭ ᠴᠦ ᠦᠬᠡᠢ ᠬᠤᠳᠠᠯ ᠬᠡᠯᠡᠪᠡ᠃ ᠰᠡᠭᠦᠳᠡᠷ | ᠳᠡᠭᠡᠷᠡᠬᠢ ᠪᠦᠰᠡᠭᠦᠢ ᠴᠡᠪᠡᠷᠬᠡᠨ ᠭᠤᠶᠤᠬᠠᠨ ᠬᠦᠮᠦᠨ ᠪᠠᠶᠢᠯ᠎ᠠ᠃ | ᠪᠢ ᠤᠬᠤᠷ ᠭᠡᠵᠢᠭᠡ ᠲᠠᠢ ᠪᠤᠯᠬᠤᠷ᠂ ᠪᠡᠶ᠎ᠡ ᠪᠠᠨ ᠲᠡᠳᠡᠨ ᠤ ᠬᠦᠤ ᠲᠠᠢ ᠠᠳᠠᠯᠢᠳᠬᠠᠵᠤ ᠦᠵᠡᠯ᠎ᠡ᠃ ᠪᠤᠷᠬᠠᠨ | ᠡ︕ ᠪᠢ ᠪᠡᠶ᠎ᠡ ᠪᠠᠨ ᠶᠠᠭ ᠢᠳᠡᠭᠡᠭᠦ ᠶᠢᠨ ᠠᠷᠭ᠎ᠠ ᠦᠬᠡᠢ ᠳ᠋ᠠ᠃ ᠨᠠᠳᠠ ᠴᠢᠳᠬᠦᠷ ᠤᠷᠤᠰᠢᠭᠰᠠᠨ ᠴᠦ ᠪᠤᠯᠪᠠᠤ︖ | ᠭᠡᠳ ᠬᠠᠴᠠᠷ ᠢᠶᠠᠨ ᠴᠢᠮᠬᠢᠵᠦ ᠦᠵᠡᠪᠡᠯ ᠰᠦᠷᠡᠬᠡᠢ ᠯᠠ ᠡᠪᠡᠳᠦᠯ᠎ᠡ᠃ ᠰᠢᠯ ᠲᠡᠭᠡᠷ᠎ᠡ ᠴᠢᠷᠠᠢ ᠪᠠᠨ ᠰᠠᠶᠢᠬᠠᠨ | ᠰᠢᠨᠵᠢᠭᠡᠳ ᠪᠠᠶᠢᠬᠤᠯᠠᠷ᠂ ᠬᠡᠷᠡᠮ ᠲᠤ ᠨᠠᠭᠠᠵᠤ ᠪᠠᠶᠢᠭ᠎ᠠ ᠰᠡᠭᠦᠳᠡᠷ ᠲᠠᠢ ᠮᠠᠰᠢ ᠠᠳᠠᠯᠢ ᠲᠦᠷᠢ ᠲᠠᠢ ᠪᠠᠶᠢᠪᠠ᠃ ᠪᠢ | ᠶᠠᠭᠠᠬᠢᠭᠠᠳ ᠲᠤᠷᠵᠢ ᠠᠪᠤ ᠶᠢᠨ ᠬᠦᠤ ᠲᠠᠢ ᠡᠶᠢᠮᠦ ᠠᠳᠠᠯᠢ ᠪᠤᠢ︖ ᠭᠡᠵᠦ ᠪᠤᠳᠤᠭᠠᠳ ᠪᠤᠳᠤᠭᠠᠳ ᠢᠨᠢᠶᠡᠳᠦ ᠴᠦ | ᠬᠦᠷᠦᠯ᠎ᠡ᠃ ᠭᠡᠪᠡᠴᠦ ᠪᠠᠭ᠎ᠠ ᠠᠶᠢᠳᠠᠰ ᠬᠦᠷᠴᠦ᠂ ᠢᠡᠭᠬᠢᠵᠦ ᠨᠠᠰᠤᠲᠠᠢ ᠬᠦᠮᠦᠨ ᠢ ᠮᠡᠬᠡᠯᠡᠭᠡᠳ ᠪᠤᠯᠬᠤ ᠦᠬᠡᠢ ᠰᠢᠤ᠃ | ᠨᠠᠳᠠᠳᠤ ᠪᠣᠯ ᠡᠨᠡ ᠪᠦᠬᠦᠨ ᠪᠦᠷ ᠠᠰᠠᠭᠤᠯᠳᠠ︕ ᠲᠤᠷᠵᠢ ᠠᠪᠤ ᠪᠠᠶᠠᠷᠯᠠᠭᠠᠳ ᠶᠠᠭ ᠯᠠ ᠠᠷᠪᠠᠨ ᠨᠠᠰᠤ | ᠵᠠᠯᠠᠭᠤᠵᠢᠭᠰᠠᠨ ᠰᠢᠭ᠋ ᠪᠠᠶᠢᠯ᠎ᠠ᠃ | ᠪᠢ ᠡᠨᠡ ᠪᠦᠬᠦᠨ ᠢ ᠰᠡᠳᠭᠢᠭᠦ ᠶᠢᠨ ᠴᠢᠯᠦᠬᠡᠨ ᠳᠤ ᠲᠤᠷᠵᠢ ᠠᠪᠤ ᠬᠠᠷᠢᠨ ᠭᠠᠳᠠᠨ᠎ᠠ ᠭᠠᠷᠤᠭᠠᠳ᠄ ︽ᠪᠠ᠊ | ᠠᠰᠠᠷᠠᠭᠴᠢ ᠡ᠂ ᠮᠢᠨᠤ ᠬᠦᠤ ᠢᠷᠡᠴᠢᠬᠡᠭᠰᠡᠨ᠂ ᠪᠢ ᠡᠨᠡ ᠵᠢᠯ ᠲᠠᠨ ᠤ ᠳᠤ ᠤᠴᠢᠵᠤ ᠰᠢᠨᠡᠯᠡᠬᠦ ᠦᠭᠡᠢ︾ ᠭᠡᠳ | ᠦᠨᠳᠦᠷ ᠲᠠᠭᠤᠨ ᠢᠶᠠᠷ ᠬᠡᠯᠡᠨ᠎ᠡ᠃ ᠪᠠ᠊ ᠠᠰᠠᠷᠠᠭᠴᠢ ᠭᠡᠷ ᠲᠤ ᠤᠷᠤᠭᠠᠳ ᠮᠢᠨᠤ ᠲᠤᠭᠢᠯᠭᠠ ᠪᠠᠷ ᠶᠠᠭᠤ ᠪᠤᠯᠤᠭᠰᠠᠨ ᠢ | ᠮᠡᠳᠡᠭᠡᠳ᠄ ︽ᠬᠠᠷᠢᠨ ᠰᠢᠳᠡ᠂ ᠨᠠᠰᠤᠲᠠᠨ ᠲᠠᠨ ᠳᠤ ᠪᠠᠶᠠᠷ ᠬᠦᠷᠭᠡᠶ᠎ᠡ︾ ᠭᠡᠳ ᠮᠢᠨᠤ ᠬᠠᠨᠴᠤᠨ ᠠᠴᠠ ᠲᠠᠲᠠᠭᠠᠳ᠄ | ︽ᠨᠠᠰᠣᠲᠠᠨ ᠡ᠂ ᠪᠢ ᠬᠦᠤ ᠳᠤ ᠴᠢᠨᠢ ᠬᠡᠳᠦᠨ ᠶᠠᠷᠢᠬᠤ ᠴᠢᠬᠤᠯᠠ ᠤᠴᠢᠷ ᠪᠠᠶᠢᠨ᠎ᠠ᠂ ᠲᠠᠨ ᠤ ᠠᠮᠢᠳᠤᠷᠠᠯ ᠤᠨ | ᠰᠤᠶᠢᠳᠬᠡᠯ ᠤᠨ ᠤᠴᠢᠷ︾ ᠭᠡᠳ ᠨᠠᠮᠠᠢᠢ ᠲᠠᠭᠠᠭᠤᠯᠠᠭᠠᠳ ᠭᠠᠷᠤᠯ᠎ᠠ᠃ | ᠪᠠ᠊ ᠠᠰᠠᠷᠠᠭᠴᠢ᠂ ᠠᠯᠪᠠᠨ ᠭᠡᠷ ᠲᠡᠭᠡᠨ ᠤᠷᠤᠭᠠᠳ ᠨᠠᠳᠠᠳᠤ ᠨᠢᠭᠡ ᠵᠠᠬᠢᠳᠠᠯ ᠦᠵᠡᠭᠦᠯᠦᠭᠡᠳ᠄ ︽ᠭᠤᠷᠪᠠᠨ | ᠵᠢᠯ ᠤᠨ ᠡᠮᠦᠨ᠎ᠡ ᠨᠠᠰᠣᠲᠠᠨ ᠤ ᠬᠦᠤ ᠨᠢ ᠡᠪᠡᠳᠴᠢᠨ ᠢᠶᠠᠷ ᠭᠧᠷᠮᠠᠨ ᠳᠤ ᠨᠠᠰᠤ ᠪᠠᠷᠠᠭᠰᠠᠨ᠃ ᠠᠳᠡ ᠬᠦᠤ ᠶᠢᠨ | ᠬᠢᠨᠢ ᠪᠦᠬᠦ ᠬᠦᠷᠦᠩᠭᠡ ᠪᠠ ᠮᠦᠡᠭᠭᠦ ᠵᠤᠭᠤᠰ ᠢ ᠨᠠᠰᠣᠲᠠᠨ ᠳᠤ ᠭᠤᠷᠪᠠᠨ ᠵᠢᠯ ᠤᠨ ᠡᠮᠦᠨ᠎ᠡ ᠭᠤᠶᠢᠪᠢᠭᠤᠯᠤᠭᠰᠠᠨ᠂ | ᠪᠢ ᠡᠭᠦᠨ ᠢ ᠬᠠᠮᠢᠶᠠᠷᠤᠨ ᠬᠤᠷᠢᠶᠠᠵᠦ ᠪᠠᠶᠢᠨ᠎ᠠ᠃ ᠪᠢ ᠤᠳᠠᠭ᠎ᠠ ᠪᠤᠯᠭᠠᠨ ᠮᠦᠡᠭᠬᠦ ᠪᠤᠯᠤᠨ ᠬᠤᠪᠴᠠᠰᠤ ᠡᠨᠡ ᠲᠡᠷᠡ | ᠶᠢ ᠦᠭᠬᠦ ᠳᠤ ᠪᠠᠨ ᠬᠦᠤ ᠴᠢᠨᠢ ᠢᠯᠡᠭᠡᠭᠰᠡᠨ ᠭᠡᠳᠡᠭ᠃ ᠪᠢ ᠪᠠᠰᠠ ᠵᠠᠷᠢᠮ ᠳᠤ ᠪᠠᠨ ᠬᠤᠭᠤᠯᠠᠢ ᠪᠠᠨ ᠦᠳᠬᠡᠨ | ᠪᠤᠯᠤᠭᠠᠭᠠᠳ ᠭᠠᠷ ᠤᠲᠠᠰᠤ ᠪᠠᠷ ᠬᠦᠤ ᠶᠢ ᠨᠢ ᠤᠷᠤᠯᠠᠨ ᠶᠡᠷᠢᠳᠠᠭ᠃ ᠴᠢ ᠲᠡᠭᠡᠷ᠎ᠡ ᠤᠳᠠᠭ᠎ᠠ ᠪᠠᠰᠠ ᠨᠠᠰᠤᠲᠠᠨ ᠲᠠᠢ | ᠮᠠᠰᠢ ᠶᠠᠷᠢᠶ᠎ᠠ ᠨᠠᠶᠢᠯᠠᠵᠦ ᠯᠠ ᠪᠠᠶᠢᠭᠰᠠᠨ ᠰᠢᠳᠡ᠂ ᠤᠳᠤ ᠬᠠᠷᠢᠨ ᠨᠡᠩ ᠴᠢᠷᠮᠡᠶᠢᠬᠤ ᠶᠢ ᠪᠢ ᠬᠦᠰᠡᠶ᠎ᠡ ᠳᠡᠭᠦᠤ ᠮᠢᠨᠢ︕ | ᠲᠡᠭᠦᠨ ᠤ ᠭᠡᠷ ᠤᠨ ᠬᠢᠨᠢ ᠲᠦᠯᠬᠢᠭᠦᠷ᠂ ᠨᠠᠰᠤᠲᠠᠨ ᠯᠠᠪ ᠭᠡᠷ ᠲᠡᠭᠡᠨ ᠬᠠᠷᠢᠵᠤ ᠰᠢᠨᠡᠯᠡᠨ᠎ᠡ ᠬᠡᠬᠦ ᠪᠤᠢ᠂ ᠵᠠ︕ | ᠲᠡᠭᠦᠤ ᠮᠢᠨᠢ ᠠᠵᠢᠯ ᠢ ᠬᠢᠪᠡᠯ ᠲᠠᠭᠤᠰᠬᠠᠳᠠᠯᠠ ︾ ᠭᠡᠳ ᠬᠠᠮᠤᠭ ᠡᠭᠦᠷᠭᠡ ᠶᠢ ᠨᠠᠳᠠᠳᠤ ᠳᠤᠰᠢᠶᠠᠯ᠎ᠠ᠃ ︽ᠡᠭᠡᠴᠢ ᠡ | ᠂ ᠪᠢ ᠶᠠᠭᠠᠬᠢᠵᠤ ᠬᠢᠬᠦ ᠪᠤᠢ ᠠᠶᠤᠵᠦ ᠪᠠᠶᠢᠨ᠎ᠠ︾ ᠭᠡᠪᠡᠯ ᠪᠠ᠊ ᠠᠰᠠᠷᠠᠭᠴᠢ᠄ ︽ᠪᠠᠶᠠᠷ ᠵᠢᠷᠭᠠᠯ ᠤᠨ ᠲᠦᠯᠦᠭᠡ᠂ | ᠳᠡᠭᠦᠤ ᠮᠢᠨᠢ ᠁︾ ᠭᠡᠪᠡ᠃ | ᠪᠢ ᠲᠡᠷᠭᠡᠨ ᠳᠤ ᠪᠠᠨ ᠲᠤᠷᠵᠢ ᠠᠪᠤ ᠶᠢ ᠰᠠᠭᠤᠯᠭᠠᠭᠠᠳ ᠲᠡᠳᠡᠨ ᠤ ᠭᠡᠷ ᠵᠦᠭ ᠶᠠᠪᠤᠬᠤ ᠳᠤ᠄ ︽ᠬᠦᠤ ᠮᠢᠨᠢ | ᠂ ᠪᠢᠳᠠ ᠭᠡᠷ ᠲᠤ ᠪᠠᠨ ᠬᠠᠷᠢᠵᠤ ᠰᠢᠨᠡᠯᠡᠭᠡ ᠦᠬᠡᠢ ᠤᠳᠠᠵᠤ ᠪᠠᠶᠢᠨ᠎ᠠ᠂ ᠨᠢᠭᠡ ᠰᠠᠶᠢᠬᠠᠨ ᠰᠢᠨᠡᠯᠡᠶ᠎ᠡ ᠳ᠋ᠠ︕ ᠠᠶᠢᠯ | ᠠᠶᠢᠮᠠᠭ ᠤᠨ ᠨᠠᠶᠢᠵᠠ ᠨᠦᠬᠦᠳ ᠢᠶᠠᠨ ᠪᠦᠷ ᠲᠠᠭᠤᠳᠠᠨ ᠨᠠᠶᠢᠷ ᠬᠢᠶ᠎ᠡ᠂ ᠴᠠᠭᠠᠨ ᠰᠠᠷ᠎ᠠ ᠶᠢᠨ ᠠᠷᠪᠠᠳ ᠪᠤᠯᠬᠤ ᠳᠤ | ᠴᠢ ᠪᠠᠰᠠ ᠯᠠ ᠶᠠᠪᠤᠴᠢᠬᠠᠨ᠎ᠠ᠂ ᠪᠠᠭ᠎ᠠ ᠶᠢᠨ ᠨᠠᠶᠢᠵᠠ ᠨᠠᠷ ᠲᠠᠢ ᠪᠠᠨ ᠬᠡᠳᠦᠨ ᠡᠳᠦᠷ ᠨᠠᠷᠭᠢᠵᠦ ᠰᠠᠭᠤ ᠳ᠋ᠠ ᠬᠦᠤ | ᠮᠢᠨᠢ︾ ᠭᠡᠵᠦ ᠨᠠᠮᠠᠢᠢ ᠴᠤᠭᠤ ᠰᠢᠷᠳᠡᠨ᠎ᠡ᠃ | ︽ᠠᠪᠤ ᠡ᠂ ᠪᠢ ᠳᠠᠬᠢᠭᠠᠳ ᠬᠠᠮᠢᠭ᠎ᠠ ᠴᠦ ᠶᠠᠪᠤᠬᠤ ᠦᠭᠡᠢ᠂ ᠭᠡᠷ ᠲᠤ ᠪᠠᠨ ᠲᠠᠨ ᠲᠠᠢ ᠰᠠᠭᠤᠨ᠎ᠠ︾ | ᠭᠡᠪᠡᠯ᠄ ︽ᠵᠠ ᠵᠠ᠂ ᠠᠪᠤ ᠨᠢ ᠪᠠᠶᠠᠷᠯᠠᠵᠤ ᠪᠠᠶᠢᠨ᠎ᠠ᠂ ᠪᠢ ᠲᠡᠳᠡᠭᠡᠷ ᠨᠠᠰᠤᠲᠠᠳ ᠲᠤ ᠮᠢᠨᠤ ᠬᠦᠤ ᠡᠨᠡ ᠡᠳᠦᠷ | ᠢᠷᠡᠨ᠎ᠡ ᠭᠡᠰᠡᠨ ᠳᠤ᠂ ᠳᠡᠲᠡ ᠨᠠᠮᠠᠢᠢ ᠰᠤᠯᠢᠶᠡᠲᠦ ᠭᠡᠨ᠎ᠡ᠂ ᠤᠳᠤ ᠪᠦᠷ ᠢᠷᠡᠭᠡᠳ ᠪᠠᠶᠢᠨ᠎ᠠ᠂ ᠪᠢ ᠰᠤᠯᠢᠶᠡᠳᠤ ᠪᠢᠰᠢ︾ | ᠭᠡᠳ ᠨᠢᠯᠪᠤᠰᠦ ᠪᠠᠨ ᠠᠷᠴᠢᠨ᠎ᠠ᠃ ︽ᠠᠪᠤ ᠡ᠂ ᠪᠢᠳᠠ ᠲᠠᠬᠢᠭᠠᠳ ᠠᠰᠠᠷᠠᠭᠴᠢ ᠶᠢᠨ ᠬᠦᠷᠢᠶᠡᠯᠡᠩ ᠳᠤ ᠰᠠᠭᠤᠬᠤ | ᠦᠬᠡᠢ᠂ ᠬᠦᠤ ᠨᠢ ᠬᠡᠵᠢᠶᠡᠳᠡ ᠲᠠᠨ ᠤ ᠲᠡᠷᠭᠡᠳᠡ ᠪᠠᠶᠢᠭ᠎ᠠ ᠰᠢᠣ᠂ ᠤᠳᠤ ᠪᠢᠳᠠ ᠦᠡᠭᠭᠡᠷᠡᠭᠰᠡᠨ ᠤ ᠤᠴᠢᠷ ᠢ | ᠶᠠᠷᠢᠬᠤ ᠦᠬᠡᠢ᠂ ᠢᠷᠡᠭᠡᠳᠦᠢ ᠨᠡᠩ ᠵᠤᠯ ᠵᠢᠷᠭᠠᠯᠳᠠᠢ ᠪᠤᠯᠤᠨ᠎ᠠ︾ ᠭᠡᠪᠡᠯ ᠲᠤᠷᠵᠢ ᠠᠪᠤ ᠲᠤᠯᠤᠭᠠᠢ ᠳᠤᠬᠢᠨᠠ᠃ | ᠡᠨᠡ ᠡᠳᠦᠷ ᠬᠦᠤ ᠮᠢᠨᠢ ᠢᠷᠡᠨ᠎ᠡ︕ ᠠᠵᠠ ᠵᠢᠷᠭᠠᠯ ᠨᠠᠳᠠ ᠲᠠᠢ ᠬᠠᠮᠲᠤ᠃ | | | | | | | | |