ᠤᠮᠠᠷᠠᠲᠤ ᠬᠢᠯᠢ ᠶᠢᠨ ᠰᠤᠶᠤᠯ  — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ — ᠪᠦᠷᠢᠶᠡᠨ ᠮᠣᠳᠣ
ᠨᠡᠶᠢᠲᠡᠯᠡᠭᠰᠡᠨ ᠴᠠᠭ᠄
2025/4/22
    ᠬᠤᠷᠤᠭ᠎ᠠ ᠰᠤᠮᠤᠨ ᠤ ᠪᠤᠯᠠᠭ ᠭᠠᠴᠠᠭᠠᠨ ᠤ ᠨᠢᠭᠡᠳᠦᠭᠡᠷ ᠬᠤᠷᠰᠢᠶ᠎ᠠ᠃ ᠪᠠᠷᠠᠭᠤᠨ ᠡᠮᠤᠨᠠᠰᠢ ᠪᠠᠨ ᠰᠢᠨ᠎ᠡ ᠵᠡᠭᠡᠯᠢ᠂ ᠬᠤᠶᠢᠰᠢ ᠪᠠᠨ ᠬᠤᠨᠢᠴᠢᠨ ᠭᠤᠣᠯ ᠲᠠᠢ ᠰᠡᠪᠡᠯᠠᠵᠤ ᠡᠮᠦᠨᠠᠰᠢ ᠪᠠᠨ ᠬᠠᠨᠲᠤᠭᠰᠠᠨ ᠭᠦᠨ ᠡᠩᠬᠡᠷ ᠭᠠᠵᠠᠷ ᠪᠠᠶᠢᠵᠤ᠂ ᠡᠩᠬᠡᠷ ᠲᠥᠭᠦᠮ ᠤᠨ ᠬᠥᠯ ᠲᠡᠭᠡᠷ᠎ᠡ ᠨᠢ ᠪᠤᠯᠠᠭ ᠲᠠᠢ ᠪᠠᠶᠢᠵᠠᠢ᠃ ᠣᠷᠣᠢ ᠶᠢᠨ ᠮᠤᠬᠤᠷ  ᠲᠤᠨᠢ ᠭᠤᠴᠢᠭᠠᠳ ᠪᠤᠳᠠ ᠵᠡᠷᠯᠢᠭ ᠬᠠᠶᠢᠯᠠᠰᠤᠨ ᠮᠣᠳᠣ ᠤᠷᠭᠤᠵᠤ ᠪᠠᠶᠢᠵᠠᠢ᠃ ᠵᠠᠷᠢᠮ ᠳᠠᠭᠠᠨ ᠬᠠᠶᠢᠯᠠᠰᠤᠨ ᠮᠣᠳᠣ ᠭᠡᠬᠦ ᠦᠭᠡᠢ ᠽᠠᠨᠳᠠᠨ ᠮᠣᠳᠣ ᠭᠡᠳᠡᠭ᠃ ᠬᠡᠳᠤᠨ ᠵᠠᠭᠤᠨ ᠵᠢᠯ ᠤᠨ ᠨᠠᠰᠤ ᠲᠠᠢ᠂ ᠬᠤᠶᠠᠷ ᠬᠦᠮᠤᠨ ᠳᠡᠪᠡᠷᠢᠭᠡᠳ ᠪᠠᠭᠲᠠᠳᠠᠭ ᠦᠭᠡᠢ ᠭᠡᠨ᠎ᠡ᠃ ᠡᠨᠡ ᠮᠣᠳᠣ ᠨᠢ ᠤᠩᠭᠤᠨ ᠮᠣᠳᠣ ᠪᠠᠶᠢᠭᠰᠠᠨ ᠣᠴᠢᠷ ᠠᠴᠠ ᠪᠠᠷᠤᠭᠲᠠᠢ  ᠳᠤ ᠬᠦᠮᠤᠨ ᠭᠠᠷ ᠬᠦᠷᠳᠡᠭ ᠦᠭᠡᠢ᠃ ᠬᠠᠷ᠎ᠠ ᠰᠦᠯᠲᠡ  ᠶᠢ ᠲᠣᠭᠰᠢᠭᠤᠯᠬᠤ ᠳᠤ ᠬᠡᠷᠡᠭᠯᠡᠵᠤ ᠪᠠᠶᠢᠭᠰᠠᠨ ᠪᠦᠷᠢᠶ᠎ᠠ ᠶᠢ ᠡᠨᠡ ᠮᠣᠳᠣ ᠪᠠᠷ ᠬᠢᠭᠰᠡᠨ ᠭᠡᠵᠦ ᠳᠠᠷᠠᠬᠤᠳᠴᠤᠳ ᠬᠡᠯᠡᠵᠦ ᠪᠠᠶᠢᠭᠰᠠᠨ᠃ ᠢᠩᠬᠢᠭᠡᠳ ᠪᠦᠷᠢᠶᠡᠨ ᠮᠣᠳᠣ ᠭᠡᠰᠡᠨ ᠨᠡᠷ᠎ᠡ ᠲᠠᠢ ᠪᠣᠯᠵᠠᠢ᠃ 1958 ᠣᠨ ᠤ ᠵᠣᠨ ᠤ ᠨᠢᠭᠡ ᠰᠥᠨᠢ ᠬᠤᠨᠢᠴᠢᠨ ᠭᠤᠣᠯ ᠤᠨ ᠲᠠᠷᠢᠶᠠᠴᠢᠳ ᠪᠦᠬᠦᠳᠡ ᠶᠢ ᠬᠢᠷᠦᠭᠡᠳᠡᠵᠤ ᠬᠠᠶᠠᠭᠠᠳ ᠦᠬᠡᠷ ᠬᠠᠰᠠᠭ ᠢᠶᠠᠷ ᠲᠠᠲᠠᠵᠤ ᠶᠠᠪᠤᠭᠰᠠᠨ ᠭᠡᠨ᠎ᠡ᠃                        ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ