ᠠᠷᠢᠭᠤᠨ ᠮᠤᠩᠭᠤᠯ ᠤᠨ ᠪᠠᠭᠠᠲᠤᠷᠯᠢᠭ ᠲᠡᠤᠬᠡᠨ ᠳᠤ ᠠᠯᠳᠠᠷ ᠢᠶᠠᠨ ᠮᠦᠩᠭᠡᠯᠡᠭᠰᠡᠨ ᠪᠣᠭᠲᠠ ᠡᠵᠡᠨ ᠴᠢᠩᠬᠢᠰ ᠬᠠᠭᠠᠨ ᠤ ᠨᠠᠢᠮᠠᠨ ᠴᠠᠭᠠᠨ ᠭᠡᠷ ᠢ | ᠰᠠᠭᠠᠲᠠᠭᠤᠯᠤᠭᠰᠠᠨ ᠠᠯᠲᠠᠨ ᠭᠠᠨᠳᠠᠷᠢ ᠶᠢᠨ ᠰᠢᠯᠢ ᠶᠢᠨ ᠣᠪᠣᠭ᠎ᠠ ᠪᠣᠯ ᠦᠨᠢ ᠤᠳᠠᠭᠠᠨ ᠲᠡᠤᠬᠡᠨ ᠤᠯᠠ ᠮᠥᠷ ᠲᠠᠢ ᠮᠥᠷᠲᠡᠭᠡᠨ ᠲᠠᠷᠬᠠᠳ ᠤᠨ ᠭᠤᠣᠯ ᠰᠢᠲᠤᠭᠡᠨ | ᠣᠪᠣᠭᠠᠨ ᠤ ᠨᠢᠭᠡ ᠪᠣᠯᠬᠤ ᠶᠤᠮ᠃ | ᠠᠯᠲᠠᠨ ᠭᠠᠨᠳᠠᠷᠢ ᠶᠢᠨ ᠣᠪᠣᠭ᠎ᠠ ᠪᠣᠯ ᠨᠢᠭᠡᠨ ᠦᠶ᠎ᠡ ᠶᠢᠨ ᠲᠡᠭᠷᠢᠯᠢᠭ ᠬᠥᠪᠡᠭᠦᠨ ᠴᠢᠩᠬᠢᠰ ᠬᠠᠭᠠᠨ ᠢ ᠲᠤᠷᠠᠰᠬᠠᠵᠤ ᠪᠤᠰᠬᠠᠭᠰᠠᠨ ᠣᠪᠣᠭ᠎ᠠ ᠶᠤᠮ᠃ | ᠣᠳᠣ ᠶᠢᠨ ᠵᠢᠬᠢ ᠶᠢᠨ ᠴᠠᠭᠠᠨ ᠰᠤᠪᠤᠷᠭ᠎ᠠ ᠶᠢᠨ ᠣᠷᠣ ᠳᠡᠭᠡᠷ᠎ᠡ ᠴᠢᠩᠬᠢᠰ ᠬᠠᠭᠠᠨ ᠪᠣᠯᠣᠨ ᠪᠦᠷᠲᠡᠭᠡᠯᠵᠢᠨ ᠬᠠᠲᠤᠨ ᠤ ᠴᠣᠮᠴᠤᠭ ᠣᠷᠲᠤ ᠪᠠᠶᠢᠭᠰᠠᠨ ᠶᠡᠭᠡ | ᠡᠵᠡᠨ ᠬᠤᠷᠣᠭᠠᠨ ᠤ ᠠᠰ ᠬᠤᠶᠢᠨ᠎ᠡ ᠰᠢᠨ᠎ᠡ ᠤᠩᠭᠤᠨ ᠤ ᠵᠡᠭᠦᠨ ᠡᠮᠤᠨ᠎ᠡ ᠲᠠᠯ᠎ᠠ ᠳᠤ ᠪᠤᠰᠬᠠᠵᠠᠢ᠃ ᠲᠡᠷᠡ ᠦᠶ᠎ᠡ ᠠᠴᠠ ᠡᠬᠢᠯᠡᠨ ᠲᠠᠷᠬᠠᠳ ᠤᠨ ᠶᠠᠮᠤᠲᠠᠳ ᠠᠴᠠ | ᠮᠦᠩᠬᠡ ᠲᠡᠭᠷᠢ᠂ ᠭᠠᠵᠠᠷ ᠤᠰᠤ ᠪᠠᠨ ᠳᠠᠬᠢᠨ᠂ ᠦᠶ᠎ᠡ ᠶᠢᠨ ᠦᠶ᠎ᠡ ᠳᠡᠭᠡᠷ᠎ᠡ ᠪᠠᠨ ᠳᠡᠷᠤᠯᠠᠯ ᠦᠭᠡᠢ᠂ ᠲᠡᠷᠭᠡᠳᠡ ᠪᠠᠨ ᠮᠥᠯᠵᠢᠯ ᠦᠭᠡᠢ᠂ ᠡᠪᠡᠳᠴᠢᠨ ᠵᠣᠪᠠᠯᠠᠩ᠂ | ᠬᠡᠷᠡᠭᠦᠯ ᠵᠢᠭᠤᠷᠭᠠᠨ᠂ ᠬᠢᠷᠠᠭᠤ ᠮᠦᠨᠳᠤᠷ ᠵᠡᠷᠭᠡ ᠠᠯᠢᠪᠠ ᠭᠠᠢ ᠪᠠᠷᠴᠢᠳ ᠲᠠᠪᠤᠨ ᠬᠤᠣᠷ ᠤᠨ ᠦᠨᠳᠦᠰᠤ ᠶᠢ ᠠᠷᠢᠯᠭᠠᠨ ᠲᠦᠷᠤ ᠲᠦᠪᠰᠢᠨ ᠲᠦᠮᠡᠨ ᠠᠮᠤᠭᠤᠯᠠᠩ | ᠪᠠᠶᠢᠬᠤ ᠶᠢ ᠳᠠᠭᠠᠳᠬᠠᠨ ᠵᠢᠯ ᠪᠦᠷᠢ ᠶᠢᠨ ᠵᠢᠷᠭᠤᠭᠠᠨ ᠰᠠᠷ᠎ᠠ ᠶᠢᠨ ᠬᠤᠷᠢᠨ ᠨᠢᠭᠡᠨ ︵ᠪᠢᠯᠢᠭ ᠤᠨ ᠤᠯᠠᠷᠢᠯ ᠤᠨ 3 ᠰᠠᠷ᠎ᠠ ᠶᠢᠨ 21︶ ᠪᠠ ᠨᠠᠢᠮᠠᠨ ᠰᠠᠷ᠎ᠠ ᠶᠢᠨ | ᠠᠷᠪᠠᠨ ᠭᠤᠷᠪᠠᠨ ︵ᠪᠢᠯᠢᠭ ᠤᠨ ᠤᠯᠠᠷᠢᠯ ᠤᠨ 5 ᠰᠠᠷ᠎ᠠ ᠶᠢᠨ 13︶ ᠳᠤ ᠡᠨᠡ ᠬᠦ ᠣᠪᠣᠭ᠎ᠠ ᠶᠢ ᠳᠠᠬᠢᠭᠰᠠᠭᠠᠷ ᠢᠷᠡᠵᠠᠢ᠃ | | | | ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ | |