ᠤᠮᠠᠷᠠᠲᠤ ᠬᠢᠯᠢ ᠶᠢᠨ ᠰᠤᠶᠤᠯ  — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ — ᠬᠤᠷ  ᠣᠪᠣᠭ᠎ᠠ
ᠨᠡᠶᠢᠲᠡᠯᠡᠭᠰᠡᠨ ᠴᠠᠭ᠄
2025/4/22
    ᠶᠡᠭᠡ ᠡᠵᠡᠨ ᠬᠤᠷᠤᠭ᠎ᠠ ᠠᠴᠠ ᠠᠷᠪᠠᠭᠠᠳ ᠭᠠᠵᠠᠷ ᠤᠨ ᠡᠮᠤᠨ᠎ᠠ ︽ᠲᠠᠯ᠎ᠠ  ᠶᠢᠨ ᠬᠤᠳᠳᠤᠭ︾ ᠭᠡᠬᠦ ᠭᠠᠵᠠᠷ ᠪᠣᠢ᠃ ᠡᠭᠦᠨ ᠤ ᠪᠠᠷᠠᠭᠤᠨᠳᠠᠢ ᠬᠤᠶᠠᠷ ᠭᠤᠷᠪᠠᠨ ᠭᠠᠵᠠᠷ ᠵᠠᠶᠢᠲᠠᠢ ︽ᠬᠤᠷ ᠣᠪᠣᠭ᠎ᠠ︾ ᠭᠡᠭᠴᠢ ᠣᠪᠣᠭ᠎ᠠ ᠪᠠᠶᠢᠵᠤ ︵ᠡᠨᠡ ᠨᠡᠷ᠎ᠡ ᠶᠢ ᠮᠡᠳᠡᠬᠦ ᠬᠦᠮᠤᠨ ᠲᠤᠩ ᠴᠥᠭᠡᠨ ᠪᠣᠯᠵᠠᠢ︶ ᠭᠡᠨ᠎ᠡ᠃ ᠦᠩᠭᠡᠷᠡᠭᠰᠠᠨ ᠳᠤ ᠴᠢᠩᠬᠢᠰ ᠤᠨ ᠨᠠᠢᠮᠠᠨ ᠴᠠᠭᠠᠨ ᠭᠡᠷ ᠤᠨ ᠨᠢᠭᠡ ᠨᠢ ᠪᠣᠯᠬᠤ ᠬᠤᠷ ᠰᠠᠭᠠᠳᠠᠭ ᠤᠨ ᠴᠠᠭᠠᠨ ᠭᠡᠷ ᠢ ᠲᠠᠯ᠎ᠠ ᠶᠢᠨ ᠬᠤᠳᠳᠤᠭ ᠲᠤ ᠳᠠᠬᠢᠵᠤ ᠪᠠᠶᠢᠭᠰᠠᠨ ᠠᠴᠠ ᠬᠠᠵᠠᠭᠤ ᠳᠠᠬᠢ ᠡᠨᠡ ᠣᠪᠣᠭ᠎ᠠ  ᠶᠢ ︽ᠬᠤᠷ ᠣᠪᠣᠭ᠎ᠠ︾ ᠭᠡᠵᠦ ᠨᠠᠷᠡᠯᠠᠵᠠᠢ᠃ ︽ᠬᠤᠷ ᠰᠠᠭᠠᠳᠠᠭ ᠤᠨ ᠥᠴᠢᠭ︾᠎ ᠎ ᠲᠤ ︽ᠡᠷᠳᠡᠨᠢ ᠶᠢᠨ ᠦᠳᠡᠭᠡᠷᠢᠳᠤ /ᠠᠩᠬᠢᠷ ᠰᠢᠷ᠎ᠠ ᠠᠷᠤᠲᠤ /ᠰᠢᠷ᠎ᠠ ᠬᠤᠯᠤᠰᠤᠨ ᠶᠠᠰᠤᠲᠣ/ ᠯᠠᠪᠠᠢ ᠴᠠᠭᠠᠨ ᠪᠠᠷᠢᠭᠤᠯᠲᠤ/ ᠪᠠᠲᠤ ᠴᠠᠭᠠᠨ ᠲᠡᠪᠭᠭᠡᠲᠤ /ᠪᠠᠷᠰ ᠤᠨ ᠰᠢᠷᠪᠣᠰᠤᠨ ᠬᠥᠪᠴᠢᠲᠤ /ᠡᠷᠢᠶᠠᠨ ᠭᠠᠳᠠᠷ ᠲᠠᠢ/ ᠦᠯᠦ ᠪᠤᠭᠤ ᠶᠢᠨ ᠡᠪᠡᠷ  ᠢᠶᠠᠷ ᠡᠯᠢᠭᠡᠯᠡᠭᠰᠡᠨ /ᠥᠷᠭᠡᠨ ᠶᠡᠭᠡ ᠰᠢᠷ᠎ᠠ ᠨᠤᠮᠤ︾ ᠭᠡᠵᠦ ᠲᠦᠷᠰᠦᠯᠡᠭᠰᠡᠨ ᠪᠠᠶᠢᠳᠠᠭ᠃ ᠳᠠᠷᠬᠠᠳ ᠤᠨ ᠠᠷᠪᠠᠨ ᠭᠤᠷᠪᠠᠨ ᠣᠪᠣᠭ᠎ᠠ ᠳᠤ ᠪᠠᠭᠨᠳᠠᠨ᠎ᠠ᠃ ᠡᠨᠡ ᠨᠢ ᠬᠡᠳᠦᠶᠢᠪᠡᠷ ᠪᠠᠭ᠎ᠠ ᠭᠠᠵᠠᠷ ᠤᠨ ᠨᠡᠷ᠎ᠡ ᠪᠣᠯᠪᠠᠴᠤ ᠬᠤᠷ ᠰᠠᠭᠠᠳᠠᠭ ᠤᠨ ᠴᠠᠭᠠᠨ ᠣᠷᠳᠣᠨ ᠢ ᠰᠠᠭᠠᠳᠠᠭᠤᠯᠤᠨ ᠳᠠᠬᠢᠵᠤ ᠪᠠᠶᠢᠭᠰᠠᠨ ᠭᠠᠵᠠᠷ ᠤᠨ ᠳᠠᠩᠰᠠ ᠬᠡᠷᠡᠴᠢ ᠪᠣᠯᠣᠭᠰᠠᠨ ᠪᠠᠶᠢᠨ᠎ᠠ᠃                         ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ