ᠤᠮᠠᠷᠠᠲᠤ ᠬᠢᠯᠢ ᠶᠢᠨ ᠰᠤᠶᠤᠯ  — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ —  ᠴᠣᠷᠴᠢ ᠶᠢᠨ ᠣᠪᠤᠭ᠎ᠠ
ᠨᠡᠶᠢᠲᠡᠯᠡᠭᠰᠡᠨ ᠴᠠᠭ᠄
2025/4/22
    ᠴᠣᠷᠴᠢ ᠶᠢᠨ ᠣᠪᠣᠭ᠎ᠠ ᠭᠡᠳᠡᠭ ᠪᠣᠯ ᠡᠵᠡᠨ ᠬᠤᠷᠤᠭ᠎ᠠ ᠬᠤᠰᠢᠭᠤᠨ ᠤ ᠬᠤᠷᠤᠭ᠎ᠠ ᠰᠤᠮᠤᠨ ᠤ ᠪᠠᠷᠠᠭᠤᠨ ᠣᠷᠢᠲᠠᠢ ᠠᠷᠪᠠᠨ ᠭᠠᠵᠠᠷ ᠤᠨ ᠦᠵᠦᠭᠦᠷ ᠲᠤ ᠪᠠᠶᠢᠳᠠᠭ ᠨᠢᠭᠡᠨ ᠣᠪᠣᠭ᠎ᠠ ᠶᠤᠮ᠃    ᠡᠷᠲᠡ ᠢᠵᠠᠭᠤᠷ  ᠲᠤ ᠠᠳᠡ ᠨᠢᠭᠡᠨ ᠬᠦᠩᠬᠡᠨᠴᠤᠷᠵᠢ ᠭᠡᠳᠡᠭ ᠳᠠᠩᠭᠤᠳ ᠯᠠᠮᠠ ᠡᠨᠡ ᠬᠦ ᠣᠪᠣᠭ᠎ᠠ  ᠶᠢ ᠳᠠᠬᠢᠵᠤ ᠰᠠᠭᠤᠵᠤ ᠪᠠᠶᠢᠵᠤ ᠭᠡᠨ᠎ᠡ᠃ ᠡᠨᠡ  ᠯᠠᠮᠠ ᠎ ᠳᠤ ᠪᠠᠰᠠ ᠨᠢᠭᠡᠨ ︽ᠲᠤᠩᠭᠠᠷᠶᠧᠴᠢᠯ︾ ᠭᠡᠳᠡᠭ ᠤᠪᠡᠲᠢᠰᠲᠠᠢ ᠲᠣᠩ ᠪᠠᠶᠢᠵᠤ᠂ ᠡᠨᠡ ᠲᠤᠩ  ᠢᠶᠠᠨ ᠦᠯᠢᠶᠡᠭᠡᠳ ᠲᠠᠯᠪᠢᠴᠢᠬᠠᠪᠠᠯ ᠲᠤᠩ ᠨᠢ ᠣᠪᠣᠭ᠎ᠠ ᠶᠢ ᠲᠣᠭᠤᠷᠢᠭᠠᠳ ᠥᠪᠡᠷ  ᠢᠶᠠᠨ ᠬᠦᠷᠴᠤ ᠲᠤᠤᠭᠠᠷᠳᠠᠭ ᠪᠠᠶᠢᠵᠠᠢ᠃ ᠡᠨᠡ ᠦᠶ᠎ᠡ ᠳᠤ ᠡᠵᠡᠨ ᠪᠣᠭᠲᠠ  ᠶᠢ ᠳᠠᠬᠢᠵᠤ ᠪᠠᠶᠢᠭᠰᠠᠨ ᠶᠧᠴᠢᠯ ᠵᠠᠶᠢᠰᠠᠩ ᠭᠡᠳᠡᠭ ᠶᠠᠮᠤᠲᠠᠨ ᠳᠠᠩᠭᠤᠳ ᠯᠠᠮᠠ ᠶᠢᠨ ᠡᠨᠡ ᠲᠤᠩ ᠢ ᠦᠵᠡᠭᠡᠳ ᠲᠤᠷᠠᠯᠡᠵᠤ ᠪᠣᠭᠲᠠ ᠶᠢᠨ ᠵᠠᠬ᠎ᠠ ᠳᠤ ᠠᠪᠴᠢᠷᠡᠵᠤ ᠦᠯᠢᠶᠡᠬᠦ ᠬᠡᠮᠡᠨ ᠠᠪᠤᠨ᠎ᠠ ᠭᠡᠰᠡᠨ ᠳᠤ ᠳᠠᠩᠭᠤᠳ ᠯᠠᠮᠠ ᠦᠭᠭᠦᠭᠰᠡᠨ ᠦᠭᠡᠢ ᠭᠡᠨ᠎ᠡ᠃ ᠡᠭᠦᠨ ᠳᠤ ᠶᠧᠴᠢᠯ ᠵᠠᠶᠢᠰᠠᠩ ᠨᠢᠭᠡᠨ ᠠᠷᠪᠠᠨ ᠵᠢᠷᠭᠤᠭᠠᠲᠠᠢ ᠬᠡᠣᠬᠡᠨ ᠣᠯᠵᠤ ᠠᠪᠴᠢᠷᠠᠭᠠᠳ ᠲᠡᠷᠡ ᠬᠡᠣᠬᠡᠨ ᠳᠤ᠄ ︽ᠴᠢ ᠡᠨᠡ ᠳᠠᠩᠭᠤᠳ ᠯᠠᠮᠠ  ᠶᠢ ᠰᠠᠶᠢᠬᠠᠨ ᠠᠰᠠᠷᠠᠵᠤ ᠬᠠᠷᠭᠠᠯᠵᠠ︕︾ ᠭᠡᠵᠦ ᠳᠠᠭᠠᠭᠠᠯᠭᠠᠨ ᠰᠠᠭᠤᠯᠭᠠᠵᠠᠢ᠃    ᠬᠤᠶᠠᠷ ᠵᠢᠯ ᠤᠨ ᠬᠢᠨᠢ ᠲᠠᠷᠠᠭ᠎ᠠ ᠲᠡᠷᠡ ᠬᠡᠤᠬᠡᠨ‌ᠬᠠᠷᠢᠨ ᠯᠠᠮᠠᠠ ᠶᠢ ᠠᠰᠠᠷᠠᠵᠤ ᠰᠠᠭᠤᠭᠰᠠᠭᠠᠷ ᠪᠠᠶᠢᠭᠤᠨ ᠲᠦᠷᠤᠴᠢᠭᠡᠵᠡᠢ ᠬᠡᠨ᠎ᠡ᠃ ᠡᠨᠡ ᠬᠡᠤᠬᠡᠨ ᠤ ᠲᠦᠷᠦᠭᠰᠡ ᠴᠢᠮᠡᠭᠡ ᠶᠢ ᠶᠧᠴᠢᠯ ᠰᠣᠨᠣᠰᠣᠭᠠᠳ ᠰᠡᠮᠡᠭᠡᠷ ᠪᠠᠶᠠᠷᠯᠠᠵᠤ ᠣᠪᠣᠭᠠᠨ ᠲᠡᠭᠡᠷ᠎ᠡ ᠣᠴᠢᠵᠤ ᠬᠦᠩᠬᠡᠨᠴᠤᠷᠵᠢ  ᠳᠤ ᠵᠠᠩᠨᠠᠵᠤ ᠬᠡᠯᠡᠭᠰᠡᠨ ᠨᠢ᠄ ︽ᠠᠷᠪᠠᠨ ᠵᠢᠷᠭᠤᠭᠠᠲᠠᠢ ᠬᠡᠤᠬᠡᠨ ᠢ ᠴᠢᠮ᠎ᠠ ᠳᠤ ᠦᠭᠭᠦᠭᠰᠡᠨ ᠨᠢ  ᠶᠠᠭᠤᠨ ᠤ ᠲᠦᠯᠥᠭᠡ ᠪᠣᠢ ᠴᠢᠮᠠᠢ ᠠᠰᠠᠷᠠᠵᠤ ᠴᠠᠢ ᠪᠣᠳᠠᠭ᠎ᠠ  ᠶᠢ ᠴᠢᠨᠢ ᠲᠦᠭᠦᠭᠡᠷᠴᠤ ᠪᠠᠢ ︕  ᠭᠡᠰᠡᠨ ᠠᠴᠠ ᠪᠢᠰᠢ ᠬᠠᠷᠢᠨ ᠴᠢᠮᠠᠶᠢ ᠲᠡᠭᠦᠨ ᠢ ᠲᠦᠷᠦᠭᠦᠯᠴᠢᠭᠡ ᠭᠡᠵᠦ ᠦᠭᠭᠦᠭᠰᠡᠨ ᠶᠤᠮ ᠤ︖︾ ᠭᠡᠵᠦ ᠮᠤᠰᠬᠢᠵᠦ ᠪᠠᠶᠢᠭᠠᠳ ᠲᠤᠩᠭᠠᠷᠶᠧᠴᠢᠯ ᠭᠡᠳᠡᠭ ᠤᠪᠡᠳᠢᠰᠲᠡᠢ ᠲᠤᠩ ᠢ ᠨᠢ ᠪᠣᠭᠲᠠ ᠶᠢᠨ ᠵᠠᠬ᠎ᠠ ᠳᠤ ᠦᠯᠢᠶᠡᠬᠦ ᠪᠠᠷ ᠠᠪᠤᠭᠠᠳ ᠢᠷᠡᠵᠤ ᠬᠡᠨ᠎ᠡ᠃    ᠲᠡᠭᠡᠭᠡᠳ ᠳᠠᠩᠭᠤᠳ ᠯᠠᠮᠠ ᠶᠢᠨ ᠮᠠᠶᠢᠭ ᠢᠶᠠᠷ ᠦᠯᠢᠶᠠᠵᠤ ᠴᠣᠮᠴᠤᠭ ᠤᠨ ᠲᠡᠭᠡᠭᠦᠷ ᠡᠷᠬᠢᠯᠳᠦᠭᠦᠯᠬᠦ ᠭᠡᠰᠡᠨ ᠴᠢᠨᠢ ᠡᠷᠬᠢᠯᠳᠦᠬᠦ ᠪᠠᠶᠢᠳᠤᠭᠠᠢ ᠲᠤᠤᠭᠠᠷᠬᠤ ᠪᠠᠨ ᠴᠤ ᠪᠠᠶᠢᠴᠢᠬᠠᠵᠤ ᠭᠡᠨ᠎ᠡ᠃ ᠡᠭᠦᠨ ᠠᠴᠠ ᠬᠤᠶᠢᠰᠢ ᠡᠨᠡ ᠬᠦ ᠨᠡᠷ᠎ᠡ ᠦᠭᠡᠢ ᠣᠪᠣᠭ᠎ᠠ ︽ᠴᠣᠷᠵᠢ ᠶᠢᠨ ᠣᠪᠣᠭ᠎ᠠ︾ ᠭᠡᠳᠡᠭ ᠨᠡᠷ᠎ᠡ ᠲᠠᠢ ᠪᠣᠯᠵᠤ ᠭᠡᠨ᠎ᠡ᠃                                                      ︵ᠤᠷᠳᠤᠨᠠᠰᠤᠨ︶
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ