ᠤᠮᠠᠷᠠᠲᠤ ᠬᠢᠯᠢ ᠶᠢᠨ ᠰᠤᠶᠤᠯ  — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ —  ᠮᠡᠳᠡᠷ ᠪᠦᠷᠢᠲᠦ
ᠨᠡᠶᠢᠲᠡᠯᠡᠭᠰᠡᠨ ᠴᠠᠭ᠄
2025/4/22
    ᠬᠤᠷᠤᠭ᠎ᠠ ᠰᠤᠮᠤᠨ ᠤ ᠪᠠᠷᠠᠭ᠋ᠳ  ᠮᠠᠩᠬᠠᠨ ᠲᠣᠲᠣᠷ᠎ᠠ ᠪᠠᠶᠢᠵᠠᠢ᠃ ᠪᠠᠭ᠎ᠠ ᠭᠠᠵᠠᠷ ᠤᠨ ᠨᠡᠷ᠎ᠡ᠃ ᠣᠳᠣ ᠶᠢᠨ ᠤᠯᠠᠭᠠᠨ ᠬᠤᠳᠳᠤᠭ ᠤᠨ ᠡᠮᠤᠨ᠎ᠠ ᠪᠠᠯᠠᠷ ᠲᠤ ᠠᠯᠢ ᠡᠷᠲᠡ ᠨᠢᠭᠡ ᠪᠦᠷᠢᠲᠣ ᠲᠣᠭᠲᠠᠵᠤ ᠲᠣᠲᠣᠷ‌‍᠎ᠡ᠎ᠠ ᠨᠢ ᠮᠡᠳᠡᠷ ᠪᠠᠶᠢᠭᠰᠠᠨ ᠭᠡᠳᠡᠭ᠃ ᠡᠨᠡ ᠪᠦᠷᠢᠲᠤ ᠶᠢᠨ ᠬᠡᠪᠴᠢᠶ᠎ᠡ ᠨᠢ ᠪᠠᠭ᠎ᠠ᠂ ᠤᠰᠤ ᠨᠢ ᠨᠡᠯᠢᠶᠡᠳ ᠭᠦᠨ  ᠪᠠᠶᠢᠳᠠᠭ ᠠᠴᠠ ᠬᠥᠮᠳ ᠮᠠᠯ ᠲᠤᠳᠤᠷ᠎ᠠ ᠨᠢ ᠣᠷᠤᠭᠠᠳ ᠦᠭᠦᠭᠰᠡᠨ ᠤᠴᠢᠷ ᠠᠷᠪᠢᠨ ᠭᠠᠷᠴᠠᠢ᠃ ᠨᠠᠰᠤᠳᠠᠶᠢᠴᠤᠳ ᠤᠨ ᠬᠡᠯᠡᠬᠦ ᠪᠠᠷ ᠡᠵᠠᠳ ᠨᠢ ᠰᠦᠷᠡᠬᠡᠢ ᠲᠣᠭᠰᠢᠨ ᠪᠦᠷᠢᠳᠤ ᠪᠠᠶᠢᠭᠰᠠᠨ ᠭᠡᠨ᠎ᠡ᠃ ᠪᠤᠷᠤᠭᠠᠨ ᠬᠤᠷ᠎ᠠ ᠡᠯᠪᠡᠭ ᠵᠢᠯ ᠮᠡᠳᠡᠷ ᠪᠦᠷᠢᠲᠤ ᠪᠣᠯᠣᠨ ᠲᠣᠭᠤᠭ᠎ᠠ ᠪᠤᠯᠠᠭ ᠤᠨ ᠤᠰᠤ ᠨᠢ ᠲᠦᠭᠦᠷᠦᠭᠡᠳ ᠪᠠᠶᠠᠨ  ᠴᠠᠩᠬᠤᠭ ᠤᠨ ᠴᠠᠶᠢᠳᠠᠮ  ᠢᠶᠠᠷ ᠪᠢᠯᠬᠠᠷᠠᠵᠤ ᠬᠠᠷᠠᠭᠳᠠᠳᠠᠭ ᠭᠡᠳᠡᠭ᠃ ᠵᠠᠷᠢᠮ ᠬᠦᠮᠤᠨ ᠪᠠᠰᠠ ᠮᠡᠳᠡᠷ ᠬᠥᠪᠴᠦ ᠪᠠᠶᠢᠭᠰᠠᠨ ᠢ ᠨᠢ ᠣᠯᠵᠤ ᠦᠵᠡᠭᠰᠠᠨ ᠭᠡᠳᠡᠭ᠃              ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ