ᠤᠮᠠᠷᠠᠲᠤ ᠬᠢᠯᠢ ᠶᠢᠨ ᠰᠤᠶᠤᠯ  — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ — ᠬᠤᠩᠭᠤᠷ ᠣᠪᠣᠭ᠎ᠠ
ᠨᠡᠶᠢᠲᠡᠯᠡᠭᠰᠡᠨ ᠴᠠᠭ᠄
2025/4/22
     ᠬᠠᠷ᠎ᠠ ᠣᠪᠣᠭᠠᠨ ᠰᠢᠯᠢ ᠶᠢᠨ ᠣᠪᠣᠭ᠎ᠠ  ᠶᠢ ᠤᠤᠯ ᠨᠢ ᠬᠤᠩᠭᠤᠤᠷ ᠠᠵᠢᠷᠭ᠎ᠠ  ᠶᠢᠨ ᠣᠪᠣᠭ᠎ᠠ ᠭᠡᠵᠦ ᠨᠡᠷᠡᠯᠠᠵᠤ ᠪᠠᠶᠢᠵᠠᠢ᠃ ︽ᠬᠤᠩᠭᠤᠷ︾ ᠭᠡᠳᠡᠭ ᠨᠢ  ᠠᠳᠤᠭᠤᠨ ᠤ ᠤᠯᠠᠪᠤᠷ ᠬᠤᠯᠠᠨ ᠵᠢᠰᠤᠮ ᠢ ᠬᠡᠯᠡᠳᠡᠭ᠃ ᠰᠢᠬᠤᠢ  ᠶᠢᠨ ᠰᠦᠮ᠎ᠡ  ᠶᠢᠨ ᠡᠷᠳᠡᠨᠢᠰᠠᠩ ᠤᠨ ᠤᠪᠣᠭᠠᠨ ᠠᠴᠠ ᠠᠰ ᠬᠤᠶᠢᠰᠢ ᠬᠠᠷᠠᠪᠠᠯ ᠪᠠᠷᠠᠭᠤᠨ ᠲᠠᠯ᠎ᠠ ᠎ ᠳᠠᠭᠠᠨ ᠪᠠᠶᠠᠨ ᠴᠠᠩᠬᠤᠭ ᠤᠨ ᠭᠤᠣᠯ ᠲᠠᠢ᠂ ᠵᠡᠭᠦᠨ ᠲᠠᠯ᠎ᠠ ᠳᠠᠭᠠᠨ ᠰᠢᠪᠡᠷᠲᠠᠢ  ᠶᠢᠨ ᠭᠤᠣᠯ ᠲᠠᠢ ᠪᠠᠶᠢᠭ᠎ᠠ ᠠᠴᠠ ᠦᠵᠡᠪᠡᠯ᠂ ᠶᠠᠭ ᠯᠠ ᠮᠦᠩᠭᠦᠨ ᠵᠢᠯᠣᠭᠤ ᠠᠳᠬᠤᠭᠰᠠᠨ ᠬᠦᠮᠤᠨ ᠬᠤᠩᠭᠤᠷ ᠠᠵᠢᠷᠭ᠎ᠠ ᠶᠢᠨ ᠨᠢᠷᠤᠭᠤᠨ ᠳᠡᠭᠡᠷ᠎ᠡ ᠰᠠᠭᠠᠳᠠᠠᠭᠰᠠᠨ ᠮᠡᠳᠣ ᠬᠦᠮᠤᠰ ᠤᠨ ᠨᠢᠳᠤᠨ ᠳᠤ ᠲᠣᠳᠤᠷᠠᠬᠤ ᠲᠤᠯᠠ ᠲᠤᠬᠠᠢ ᠶᠢᠨ ᠦᠶ᠎ᠡ ᠎ ᠶᠢᠨ ᠬᠥᠮᠤᠰ ᠡᠨᠡ ᠬᠦ ᠣᠪᠣᠭ᠎ᠠ  ᠶᠢ ᠬᠤᠩᠭᠤᠷ ᠣᠪᠣᠭ᠎ᠠ ᠭᠡᠵᠤ ᠳᠠᠭᠤᠳᠠᠵᠤ ᠪᠠᠶᠢᠵᠠᠢ᠃     ᠨᠢᠭᠡᠨ ᠤᠳᠠᠭ᠎ᠠ ᠬᠠᠩᠬᠢᠨ ᠬᠤᠰᠢᠭᠤᠨ ᠤ ᠠᠷᠪᠠᠨ ᠭᠤᠷᠪᠠᠳᠤᠭᠠᠷ ᠦᠶ᠎ᠡ  ᠶᠢᠨ ᠸᠠᠩ ᠨᠣᠶᠠᠨ ᠷᠠᠰᠢᠭᠦᠩᠴᠤᠭ᠌ ᠤᠷᠳᠤᠰ ᠲᠣᠭᠠᠯᠠᠯ ᠤᠨ ᠵᠢᠷᠭᠤᠭᠠᠨ ᠰᠠᠷ᠎ᠠ ᠶᠢᠨ ᠬᠤᠷᠢᠨ ᠨᠢᠭᠡᠨ ᠤ ᠴᠠᠭᠠᠨ ᠰᠦᠷᠦᠭ ᠤᠨ ᠶᠡᠭᠡ ᠳᠠᠶᠢᠯᠭ᠎ᠠ ᠳᠡᠭᠡᠷ᠎ᠡ ᠢᠷᠡᠵᠤ ᠮᠥᠷᠭᠦᠬᠦ  ᠪᠠᠷ ᠶᠠᠪᠤᠵᠤ ᠪᠠᠶᠢᠭᠠᠳ ᠡᠨᠡ ᠣᠪᠣᠭᠠᠨ ᠳᠡᠭᠡᠷ᠎ᠡ ᠭᠠᠷᠴᠠᠢ᠃ ᠲᠡᠭᠡᠭᠡᠳ ᠴᠠᠭᠠᠨ ᠰᠦᠷᠦᠭ ᠤᠨ ᠲᠠᠶᠢᠯᠭ᠎ᠠ ᠲᠡᠭᠡᠷ᠎ᠡ ᠬᠦᠮᠤᠨ ᠤ ᠳᠠᠯᠠᠢ ᠪᠣᠯᠵᠤ ᠪᠠᠶᠢᠭ᠎ᠠ  ᠶᠢ ᠦᠵᠡᠭᠡᠳ ᠲᠦᠰᠢᠮᠡᠳ ᠪᠠ ᠴᠡᠷᠢᠭ ᠵᠶᠷ ᠬᠠᠮᠠᠭᠠᠯᠠᠭᠴᠢ ᠪᠣᠯᠭᠠᠨ ᠶᠡᠭᠡ ᠯᠡ‌‍ᠠ ᠨᠠᠮᠪᠠᠭᠠᠲᠠᠢ ᠪᠠᠷ ᠴᠠᠭᠠᠨ ᠰᠦᠷᠦᠭ ᠤᠨ ᠲᠠᠯᠠᠪᠠᠢ ᠳᠤ ᠤᠯᠠᠨ ᠬᠤᠰᠢᠭᠤ ᠸᠠᠩ ᠳᠤ ᠰᠤᠷᠳᠤᠭᠤ ᠰᠦᠷ ᠢᠶᠠᠨ ᠭᠠᠶᠢᠬᠠᠭᠤᠯᠬᠤ ᠪᠠᠷ ᠬᠤᠩᠭᠤᠷ ᠣᠪᠣᠭᠠᠨ ᠠᠴᠠ ᠪᠠᠭᠤᠬᠤ ᠭᠡᠵᠠᠢ᠃ ᠡᠨᠡ ᠦᠶ᠎ᠡ ᠳᠤ ᠮᠣᠷᠢ ᠨᠢ ᠭᠡᠨᠡᠳᠳᠠ ᠪᠣᠯᠭᠢᠨ ᠲᠦᠯᠠᠵᠤ ᠷᠠᠰᠢᠭᠦᠩᠴᠤᠭ᠌ ᠸᠠᠩ ᠮᠣᠷᠢᠨ  ᠳᠠᠭᠠᠨ ᠴᠢᠷᠦᠭᠳᠠᠵᠤ ᠠᠮᠢ ᠨᠠᠰᠤ ᠪᠠᠨ ᠠᠯᠳᠠᠵᠠᠢ᠃ ᠬᠠᠩᠬᠢᠨ ᠬᠤᠰᠢᠭᠤᠨ ᠤ ᠸᠠᠩ ᠨᠣᠶᠠᠨ ᠤ ᠬᠤᠶᠢᠴᠢ ᠨᠠᠷ ᠡᠨᠡ ᠬᠦ ᠬᠤᠩᠭᠤᠷ ᠣᠪᠣᠭ᠎ᠠ  ᠶᠢ ᠬᠠᠲᠠᠭᠤ ᠬᠠᠷᠠᠲᠠᠢ ᠭᠡᠵᠦ ᠴᠢᠭᠤᠯᠭᠠᠨ ᠳᠤ ᠮᠡᠳᠡᠭᠦᠯᠦᠭᠰᠡᠨ ᠢᠶᠠᠷ ᠰᠡᠭᠦᠯᠡᠷ ᠨᠢ ᠬᠠᠷ᠎ᠠ ᠣᠪᠣᠭ᠎ᠠ ᠬᠡᠮᠡᠨ ᠨᠡᠷᠡᠯᠡᠭᠰᠡᠨ ᠪᠠᠶᠢᠨ᠎ᠠ᠃ ᠡᠨᠡ ᠬᠦ ᠬᠠᠷ᠎ᠠ ᠣᠪᠣᠭ᠎ᠠ ᠭᠡᠰᠡᠨ ᠨᠡᠷ ᠶᠢ ᠣᠳᠣ  ᠪᠣᠯᠲᠠᠯ᠎ᠠ ᠲᠤᠬᠠᠢ ᠶᠢᠨ ᠭᠠᠵᠠᠷ ᠤᠨ ᠠᠷᠠᠳ ᠢᠷᠭᠡᠳ ᠳᠠᠭᠤᠳᠠᠭᠰᠠᠭᠠᠷ ᠪᠠᠶᠢᠨ᠎ᠠ᠃              ︵ᠪᠠᠶᠠᠮᠦ᠋ᠩᠬᠡ︶                        ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ