ᠡᠵᠡᠨ ᠬᠤᠷᠤᠭ᠎ᠠ ᠰᠤᠮᠤᠨ ᠤ ᠰᠢᠪᠡᠷᠲᠠᠢ ᠭᠠᠴᠠᠭᠠᠨ ᠳᠠᠬᠢ ᠬᠠᠷ᠎ᠠ ᠣᠪᠣᠭ᠎ᠠ ᠶᠢ ᠤᠤᠯ ᠳᠠᠭᠠᠨ ᠬᠤᠩᠭᠤᠷ ᠣᠪᠣᠭ᠎ᠠ ᠬᠡᠮᠡᠨ ᠨᠡᠷᠡᠯᠠᠵᠤ ᠪᠠᠶᠢᠵᠠᠢ᠃ ᠡᠨᠡ | ᠣᠪᠣᠭ᠎ᠠ ᠶᠢ ᠲᠠᠬᠢᠵᠤ ᠪᠠᠶᠢᠭᠰᠠᠨ ᠬᠦᠮᠤᠰ ᠪᠣᠯ ᠸᠠᠩ ᠤᠨ ᠪᠠᠷᠠᠭᠤᠨ ᠬᠤᠭᠤᠯᠠᠢ ᠶᠢᠨ ᠪᠠᠲᠠᠷᠠᠬᠤ ᠲᠠᠶᠢᠵᠢ ᠶᠢᠨ ᠬᠢᠨ ᠭᠡᠨ᠎ᠡ᠃ ᠲᠡᠭᠡᠭᠡᠳ ᠬᠤᠩᠭᠤᠷ ᠣᠪᠣᠭ᠎ᠠ ᠶᠢ | ᠳᠠᠬᠢᠬᠤ ᠳᠤ ᠪᠠᠷᠠᠭᠤᠨ ᠬᠤᠭᠤᠯᠠᠢ ᠠᠴᠠ ᠮᠢᠩᠭᠠᠨ ᠪᠤᠳᠡ ᠦᠵᠡᠭᠳᠡᠵᠦ ᠪᠠᠶᠢᠭ᠎ᠠ ᠰᠢᠨᠵᠢᠲᠠᠢ ᠭᠡᠵᠦ ᠵᠠᠷᠢᠮ ᠬᠦᠮᠤᠰ ᠤᠨ ᠬᠡᠯᠡᠯᠴᠡᠬᠦ ᠶᠢ ᠸᠠᠩ ᠤᠨ ᠵᠡᠭᠦᠨ | ᠬᠤᠭᠤᠯᠠᠢ ᠶᠢᠨ ᠪᠣᠷᠣ ᠵᠠᠬᠢᠷᠤᠭᠴᠢ ᠰᠣᠨᠣᠰᠤᠭᠠᠳ ᠶᠡᠬᠡᠳᠠ ᠠᠭᠤᠷᠯᠠᠵᠤ ᠪᠠᠷᠠᠭᠤᠨ ᠬᠤᠭᠤᠯᠠᠢ ᠲᠠᠢ ᠪᠠᠨ ᠮᠠᠭᠤᠳᠠᠯᠴᠠᠭᠠᠳ ᠬᠤᠩᠭᠤᠷ ᠣᠪᠣᠭ᠎ᠠ ᠶᠢ ᠭᠠᠯ ᠲᠠᠯᠪᠢᠭᠠᠳ | ᠰᠢᠲᠠᠭᠠᠵᠠᠢ ᠭᠡᠨ᠎ᠡ᠃ ᠪᠠᠷᠠᠭᠤᠨ ᠬᠤᠭᠤᠯᠠᠢ ᠶᠢᠨ ᠲᠠᠶᠢᠵᠢ ᠨᠠᠷ ᠰᠢᠲᠠᠭᠳᠠᠭᠰᠠᠨ ᠬᠤᠰᠢ ᠮᠣᠳᠣᠨ ᠬᠤᠩᠭᠤᠷ ᠣᠪᠣᠭᠠᠨ ᠤ ᠪᠠᠨ ᠣᠷᠣᠮ ᠳᠡᠭᠡᠷ᠎ᠡ ᠬᠠᠳᠠᠨ ᠣᠪᠣᠭ᠎ᠠ | ᠪᠣᠰᠬᠠᠵᠤ ᠳᠠᠬᠢᠵᠠᠢ᠃ | ᠨᠢᠭᠡᠨ ᠡᠳᠤᠷ ᠵᠢᠶᠦ᠋ᠨ ᠸᠠᠩ ᠤᠨ ᠬᠤᠰᠢᠭᠤᠨ ᠤ ᠠᠷᠪᠠᠨ ᠭᠤᠷᠪᠠᠳᠤᠭᠠᠷ ᠦᠶ᠎ᠡ ᠶᠢᠨ ᠸᠠᠩ ᠨᠣᠶᠠᠨ᠂ ᠴᠢᠩᠬᠢᠰ ᠪᠣᠭᠲᠠ ᠶᠢᠨ ᠵᠢᠷᠭᠤᠭᠠᠨ ᠰᠠᠷ᠎ᠠ ᠶᠢᠨ | ᠬᠤᠷᠢᠨ ᠨᠢᠭᠡᠨ ᠤ ᠮᠥᠷᠭᠦᠯ ᠳᠤ ᠶᠠᠪᠤᠵᠤ ᠪᠠᠶᠢᠭᠠᠳ ᠵᠠᠮ ᠳᠠᠭᠠᠨ ᠡᠨᠡ ᠬᠦ ᠬᠤᠩᠭᠤᠷ ᠤᠪᠣᠭᠠᠨ ᠳᠤ ᠮᠥᠷᠭᠦᠬᠦ ᠶᠢ ᠪᠣᠳᠣᠭᠠᠳ ᠮᠣᠷᠢᠨ ᠠᠴᠠ ᠪᠠᠨ ᠪᠠᠭᠤᠵᠤ | ᠠᠮᠵᠢᠭᠠᠲᠤᠢ ᠲᠦᠷᠤᠬᠡᠨ ᠳᠡᠭᠡᠨ ᠬᠥᠯ ᠨᠢ ᠲᠡᠭᠡᠭᠯᠡᠵᠤ ᠮᠣᠷᠢᠨ ᠳᠠᠭᠠᠨ ᠴᠢᠷᠦᠭᠳᠡᠭᠡᠳ ᠵᠡᠭᠦᠨᠰᠢ ᠣᠷᠣᠵᠤ ᠭᠡᠨ᠎ᠡ᠃ ᠢᠩᠭᠢᠭᠡᠳ ᠬᠤᠶᠢᠨ᠎ᠠ ᠠᠴᠠ ᠨᠢ ᠬᠥᠬᠡᠭᠡᠵᠦ | ᠮᠥᠷᠳᠡᠭᠰᠡᠨ ᠳᠤ ᠲᠡᠷᠡ ᠬᠦ ᠬᠠᠳᠠᠨ ᠬᠦᠷᠬᠢᠷ᠎ᠡ ᠭᠡᠬᠦ ᠭᠠᠵᠠᠷ ᠤᠨ ᠵᠡᠭᠦᠨᠳᠠᠢ ᠰᠡᠭᠡᠷ ᠤᠨ ᠶᠠᠰᠤ ᠨᠢ ᠪᠠᠶᠢᠵᠤ᠂ ᠲᠡᠭᠦᠨ ᠠᠴᠠ ᠪᠠᠰᠠ ᠲᠥᠴᠢᠨ ᠭᠠᠵᠠᠷ ᠤᠨ ᠵᠡᠭᠦᠨᠳᠠᠢ | ᠲᠣᠯᠣᠭᠠᠢ ᠶᠢᠨ ᠶᠠᠰᠤ ᠨᠢ ᠪᠠᠶᠢᠨ᠎ᠠ ᠭᠡᠨ᠎ᠡ᠃ ᠲᠡᠭᠦᠨ ᠠᠴᠠ ᠬᠤᠶᠢᠰᠢ ᠡᠨᠡ ᠬᠦ ᠰᠡᠭᠡᠷ ᠤᠨ ᠶᠠᠰᠤ ᠶᠢ ᠨᠢ ᠣᠯᠣᠭᠰᠠᠨ ᠭᠠᠵᠠᠷ ᠢ ︽ᠰᠡᠭᠡᠷ ᠤᠨ ᠪᠠᠯᠠᠷ︾ ᠭᠡᠵᠦ | ᠲᠣᠯᠣᠭᠠᠢ ᠶᠢᠨ ᠶᠠᠰᠤ ᠶᠢ ᠨᠢ ᠣᠯᠣᠭᠰᠠᠨ ᠭᠠᠵᠠᠷ ᠢ ︽ᠬᠠᠷ᠎ᠠ ᠲᠣᠯᠣᠭᠠᠢ︾ ᠭᠡᠵᠤ ᠳᠠᠭᠤᠳᠠᠬᠤ ᠪᠣᠯᠣᠭᠰᠠᠨ ᠪᠥᠭᠡᠳ ᠬᠤᠩᠭᠤᠷ ᠣᠪᠣᠭᠠᠨ ᠤ ᠲᠡᠷᠭᠡᠳᠡ ᠮᠣᠷᠢᠨ | ᠠᠴᠠ ᠴᠢᠷᠦᠭᠳᠡᠭᠰᠡᠨ ᠠᠴᠠ ︽ᠬᠠᠷᠠᠲᠠᠢ ᠭᠠᠵᠠᠷ ᠪᠠᠶᠢᠨ᠎ᠠ︾ ᠭᠡᠮᠡᠨ ᠬᠤᠩᠭᠤᠷ ᠣᠪᠣᠭ᠎ᠠ ᠶᠢ ︽ᠬᠠᠷ᠎ᠠ ᠣᠪᠣᠭ᠎ᠠ︾ ᠭᠡᠵᠦ ᠨᠡᠷᠡᠯᠡᠵᠦ ᠭᠡᠨ᠎ᠡ᠃ | | | ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ |