ᠪᠣᠭᠳᠠ ᠡᠵᠡᠨ ᠴᠢᠩᠭᠢᠰ ᠬᠠᠭᠠᠨ ᠬᠠᠷ᠎ᠠ ᠳᠠᠩᠭᠤᠳ ᠢ ᠲᠠᠶᠢᠯᠠᠬᠤ ᠪᠠᠷ ᠡᠨᠡᠭᠦᠷ ᠦᠩᠭᠡᠷᠡᠬᠦ ᠳᠡᠭᠡᠨ ᠦᠯᠦ ︵ᠴᠠᠶᠢᠪᠤᠷ ᠪᠤᠶᠤ ᠰᠠᠭᠠᠷᠠᠯ ᠦᠩᠭᠡ︶ ᠪᠤᠭᠤ | ᠪᠡᠯᠴᠢᠭᠰᠡᠨ ᠥᠪᠤᠭᠡᠯᠵᠢᠨ ᠰᠢᠪᠠᠭᠤ ᠳᠤᠩᠭᠤᠳᠤᠭᠰᠠᠨ ᠳᠠᠩᠰᠤᠭ ᠰᠠᠶᠢᠬᠠᠨ ᠪᠡᠯᠴᠢᠭᠡᠷ ᠤᠰᠤ ᠶᠢ ᠨᠢ ᠮᠣᠷᠢᠨ ᠨᠢᠷᠤᠭᠤᠨ ᠳᠡᠭᠡᠷ᠎ᠡ ᠠᠴᠠ ᠪᠠᠭ᠋ᠠᠷᠠᠵᠤ ᠱᠠᠭᠰᠢᠨ | ᠪᠠᠶᠢᠭᠠᠳ ᠰᠠᠨᠠᠮᠰᠠᠷ ᠦᠭᠡᠢ ᠮᠦᠩᠭᠦᠨ ᠲᠠᠰᠢᠭᠤᠷ ᠢᠶᠠᠨ ᠭᠠᠵᠠᠷ ᠤᠨᠠᠭᠠᠭᠰᠠᠨ ᠭᠡᠳᠡᠭ᠃ | ᠰᠡᠭᠦᠯᠡᠷ ᠨᠢ ᠬᠥᠮᠤᠰ ᠡᠨᠡ ᠬᠦ ᠪᠣᠷᠣ ᠲᠣᠯᠣᠭᠠᠢ ᠶᠢᠨ ᠤᠷᠣᠢ ᠶᠢ ᠴᠠᠭᠠᠨ᠎ᠠ ᠪᠠᠨ ᠰᠢᠨᠵᠢ ᠲᠠᠢ ᠭᠠᠵᠠᠷ ᠭᠡᠳ ᠳᠡᠭᠡᠷ᠎ᠡ ᠨᠢ ᠲᠠᠰᠢᠭᠤᠷ ᠢ ᠨᠢ ᠱᠠᠩ ᠳᠠᠷᠤᠵᠤ | ᠣᠪᠣᠭ᠎ᠠ ᠪᠣᠰᠬᠠᠨ ᠳᠠᠬᠢᠵᠠᠢ᠃ ᠡᠨᠡ ᠣᠪᠣᠭ᠎ᠠ ᠨᠢ ᠶᠠᠭ ᠰᠠᠶᠢᠬᠠᠨ ᠡᠵᠡᠨ ᠴᠣᠮᠴᠤᠭ ᠣᠷᠳᠤᠨ ᠤ ᠲᠡᠷᠭᠡᠳᠡ ᠪᠠᠶᠢᠭᠰᠠᠨ ᠠᠴᠠ ᠵᠢᠯ ᠪᠦᠷᠢ ᠶᠢᠨ ᠴᠠᠭᠠᠨ ᠰᠠᠷ᠎ᠠ ᠶᠢᠨ | ᠰᠢᠨ᠎ᠡ ᠶᠢᠨ ᠭᠤᠷᠪᠠᠨ ᠳᠤ ᠶᠡᠭᠡ ᠲᠠᠯ᠎ᠠ ᠶᠢᠨ ᠲᠠᠷᠬᠠᠳ ᠤᠨ ᠶᠠᠮᠤᠲᠠᠳ ᠬᠡᠳᠤᠨ ᠵᠠᠭᠤᠨ ᠵᠢᠯ ᠤᠨ ᠲᠤᠷᠰᠢ ᠤᠰᠤᠯᠳᠠᠯ ᠦᠭᠡᠢ ᠳᠠᠬᠢᠭᠰᠠᠭᠠᠷ ᠢᠷᠡᠵᠠᠢ᠃ | | | ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ |