ᠤᠮᠠᠷᠠᠲᠤ ᠬᠢᠯᠢ ᠶᠢᠨ ᠰᠤᠶᠤᠯ — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ — ᠯᠤᠩᠬᠤ  ᠲᠣᠯᠣᠭᠠᠢ
ᠨᠡᠶᠢᠲᠡᠯᠡᠭᠰᠡᠨ ᠴᠠᠭ᠄
2025/4/22
    ᠬᠤᠷᠤᠭ᠎ᠠ ᠰᠤᠮᠤᠨ ᠤ ᠨᠢᠭᠡ ᠲᠣᠰᠬᠤᠨ᠃ ᠪᠠᠰᠠ ᠯᠤᠩᠬᠤ  ᠶᠢᠨ ᠰᠤᠭᠤ ᠭᠡᠳᠡᠭ᠃ ᠤᠤᠯ ᠎ ᠳᠠᠭᠠᠨ ᠯᠤᠩᠬᠤᠨ ᠬᠡᠯᠪᠡᠷᠢ ᠲᠠᠢ ᠰᠢᠯᠢ ᠶᠢᠨ ᠣᠷᠣᠢ ᠪᠠᠶᠢᠭᠠᠳ ᠠᠳᠡᠬᠢ ᠶᠢᠨ ᠬᠦᠮᠤᠰ ᠯᠤᠩᠬᠤ ᠲᠣᠯᠣᠭᠠᠢ ᠭᠡᠵᠦ ᠨᠡᠷᠡᠯᠡᠬᠦ ᠪᠣᠯᠵᠠᠢ᠃ ᠲᠡᠷᠡ ᠨᠢ ᠬᠤᠶᠢᠰᠢ ᠪᠠᠨ ᠭᠠᠨᠵᠤᠤᠷ ᠤᠨ ᠴᠠᠶᠢᠳᠠᠮ᠂ ᠲᠠᠪᠤᠨ ᠤᠯᠠᠭᠠᠨ᠂ ᠵᠡᠭᠦᠨᠰᠢ ᠪᠠᠨ ᠤᠯᠠᠭᠠᠨᠨᠠᠭᠤᠷ᠂ ᠪᠠᠷᠠᠭᠤᠨᠰᠢ ᠪᠠᠨ ᠭᠡᠮᠫᠡᠢ ᠶᠢᠨ ᠴᠠᠶᠢᠳᠠᠮ ᠲᠠᠢ ᠰᠡᠪᠡᠯᠡᠵᠤ ᠪᠠᠶᠢᠳᠠᠭ  ᠢᠶᠠᠷ ᠲᠤᠬᠠᠢ ᠶᠢᠨ ᠦᠶ᠎ᠡ ᠶᠢᠨ ᠵᠢᠶᠦ᠋ᠨ ᠸᠠᠩ ᠤᠨ ᠬᠤᠰᠢᠭᠤᠨ ᠤ ᠨᠣᠶᠠᠳ ᠤᠨ ᠠᠳᠤᠭᠤᠨ ᠪᠡᠯᠴᠢᠭᠡᠷ ᠪᠠᠶᠢᠭᠰᠠᠨ ᠭᠡᠨ᠎ᠡ᠃ ᠢᠷᠭᠡᠨ ᠤᠯᠤᠰ ᠤᠨ ᠦᠶ᠎ᠡ ᠪᠣᠯᠵᠤ ᠢᠷᠡᠭᠡᠳ ᠠᠳᠡᠬᠢ  ᠶᠢᠨ ᠭᠠᠵᠠᠷ ᠢ ᠭᠤᠮᠢᠨᠳᠠᠩ ᠤᠨ ᠴᠡᠷᠢᠭ ᠤᠨ ᠡᠷᠬᠡᠲᠡᠨ ᠴᠧᠨ ᠰᠧᠯᠢᠩ ︵ᠴᠧᠨ ᠴᠠᠩ ᠵᠢᠶᠧ︶ ᠡᠵᠡᠯᠠᠨ ᠠᠪᠤᠭᠰᠠᠨ  ᠠᠴᠠ ᠶᠡᠭᠡ ᠪᠠᠷ ᠠᠳᠠᠷ ᠬᠠᠭᠠᠯᠪᠤᠷᠢᠯᠡᠨ ᠲᠡᠷᠢᠶ᠎ᠠ ᠲᠠᠷᠢᠬᠤ ᠪᠣᠯᠵᠠᠢ᠃ ᠣᠳᠣ ᠠᠳᠠ ᠴᠥᠭᠡᠪᠳᠤᠷ ᠬᠡᠳᠦᠨ ᠮᠣᠩᠭᠤᠯ ᠠᠶᠢᠯ ᠲᠠᠷᠢᠶ᠎ᠠ ᠲᠠᠷᠢᠨ ᠠᠮᠢᠳᠤᠷᠠᠵᠤ ᠪᠣᠢ᠃   ᠴᠢᠯᠦᠭᠡᠯᠡᠭᠳᠡᠭᠰᠡᠨ ᠤ ᠲᠠᠷᠠᠭ᠎ᠠ ᠪᠠᠷ ᠡᠨᠡ ᠭᠠᠵᠠᠷ ᠢ ᠨᠢᠭᠡ ᠴᠢᠤᠢ ᠪᠣᠯᠭᠠᠨ ︽ᠯᠦᠩ ᠬᠤ᠋ ᠴᠢᠢ ︵龙虎渠︶︾ ᠭᠡᠮᠡᠨ ᠨᠡᠷᠡᠯᠡᠵᠡᠢ᠃                 ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ