ᠤᠮᠠᠷᠠᠲᠤ ᠬᠢᠯᠢ ᠶᠢᠨ ᠰᠤᠶᠤᠯ — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ — ᠴᠢᠷᠪᠢ ᠶᠢᠨ ᠰᠥᠮ᠎ᠡ
ᠨᠡᠶᠢᠲᠡᠯᠡᠭᠰᠡᠨ ᠴᠠᠭ᠄
2025/4/22
      ᠬᠤᠷᠤᠭ᠎ᠠ ᠰᠤᠮᠤᠨ ᠤ ᠰᠢᠬᠤᠢ  ᠶᠢᠨ ᠰᠦᠮ᠎ᠡ ᠭᠠᠴᠠᠭᠠᠨ ᠳᠤ ᠪᠠᠶᠢᠬᠤ ᠪᠣᠷᠣ ᠲᠣᠯᠣᠭᠠᠢ  ᠶᠢᠨ ᠵᠡᠭᠦᠨᠲᠠᠢ ᠤᠷᠲᠤ  ᠶᠢᠨ ᠭᠤᠣᠯ ᠤᠨ ᠲᠣᠬᠤᠢ ᠳᠡᠭᠡᠷ᠎ᠡ ᠪᠠᠷᠢᠵᠠᠢ᠃ ᠴᠢᠩ ᠤᠯᠤᠰ  ᠤᠨ ᠲᠡᠭᠷᠢ ᠲᠡᠭᠦᠭᠴᠢ ᠶᠢᠨ ᠵᠢᠷᠠᠲᠤᠭᠠᠷ ᠣᠨ ︵1795︶᠎ ᠳᠤ ᠪᠤᠶᠠᠨ ᠴᠢᠷᠪᠢ ᠭᠡᠭᠴᠢ ᠬᠦᠮᠨ ᠶᠡᠭᠡ ᠦᠭᠯᠢᠭᠡ ᠦᠭᠴᠦ᠂ᠳᠠᠷᠬᠠᠬᠠᠳ ᠤᠨ ᠲᠠᠶᠢᠰᠢ᠂ ᠲᠠᠶᠢᠪᠤᠦ᠂ ᠮᠠᠩᠭ᠍ᠯᠠᠢ᠂ ᠵᠣᠮᠣᠨᠠᠷ ᠳᠥᠷᠪᠡᠨ ᠠᠶᠢᠮᠠᠭ ᠭᠡᠰᠢᠭ ᠢ ᠳᠠᠭᠠᠳᠬᠠᠵᠤ᠂ ᠠᠷᠢᠭᠤᠨ ᠪᠦᠲᠣᠭᠡᠵᠤ ᠪᠠᠷᠢᠭᠰᠠᠨ ᠰᠦᠮ᠎ᠡ ᠶᠤᠮ᠃ ᠴᠢᠷᠪᠢ ᠭᠡᠳᠡᠭ ᠨᠢ ᠶᠤᠸᠠᠨ ᠤᠯᠤᠰ ᠤᠨ ᠦᠶ᠎ᠡ ᠳᠤ ᠬᠤᠪᠢᠯᠠᠢ ᠬᠠᠭᠠᠨ ᠠᠴᠠ ᠴᠢᠩᠬᠢᠰ ᠬᠠᠭᠠᠨ ᠤ ᠳᠠᠬᠢᠯᠭ᠎ᠠ  ᠶᠢ ᠡᠷᠬᠢᠯᠡᠬᠦ ᠨᠠᠢᠮᠠᠨ ᠶᠠᠮᠤᠲᠠᠳ ᠢ ᠲᠣᠮᠢᠯᠠᠬᠤ ᠦᠶ᠎ᠡ ᠳᠤ ᠬᠠᠶᠢᠷᠠᠯᠠᠭᠰᠠᠨ ᠴᠣᠯᠠ᠃ ᠲᠠᠶᠢᠯᠭ᠎ᠠ ᠶᠢᠨ ᠶᠣᠰᠤᠯᠠᠯ ᠳᠤ ᠰᠠᠷᠬᠤᠳ ᠬᠠᠷᠢᠭᠤᠯᠬᠤ ᠲᠤᠰᠬᠠᠢ ᠡᠭᠦᠷᠭᠡ ᠲᠠᠢ᠃ ᠡᠨᠡ ᠰᠦᠮ᠎ᠡ  ᠶᠢ ᠲᠥᠪᠡᠳ ᠢᠶᠠᠷ ᠯᠣᠪᠰᠠᠩᠷᠠᠪᠵᠡᠶᠢᠯᠢᠩ ᠭᠡᠳᠡᠭ᠃ ᠴᠤᠭᠴᠢᠨ ᠲᠣᠭᠠᠩ ᠨᠢ ᠬᠤᠷᠢᠨ ᠲᠠᠪᠤᠨ ᠲᠠᠰᠤᠯᠭ᠎ᠠ ᠲᠠᠢ᠂ ᠵᠣᠣ ᠶᠢᠨ ᠲᠣᠭᠠᠩ ᠨᠢ ᠶᠢᠰᠤᠨ ᠲᠠᠰᠤᠯᠭ᠎ᠠ ᠲᠠᠢ᠂ ᠤᠳᠠᠴᠢ ᠶᠢᠨ ᠳᠣᠭᠠᠩ ᠨᠢ ᠭᠤᠷᠪᠠᠨ ᠲᠠᠰᠤᠯᠭ᠎ᠠ ᠲᠠᠢ᠂ ᠽᠡᠩᠺᠠᠨᠭ᠌ ᠤᠨ ᠲᠣᠭᠠᠩ ᠨᠢ ᠭᠤᠷᠪᠠᠨ ᠲᠠᠰᠤᠯᠭ᠎ᠠ ᠲᠠᠢ᠂ ᠳ᠋ᠠᠷ᠎ᠠ ᠡᠬᠡ ᠶᠢᠨ ᠲᠣᠭᠠᠩ ᠭᠤᠷᠪᠠᠨ ᠲᠠᠰᠤᠯᠭ᠎ᠠ ᠲᠠᠢ᠂ ᠱᠠᠪᠢ ᠨᠠᠷ ᠤᠨ ᠣᠷᠣᠨ ᠰᠠᠭᠤᠴᠠ ᠳᠠᠪᠢ ᠭᠠᠷᠤᠢ ᠲᠠᠰᠤᠯᠭ᠎ᠠ ᠪᠠᠶᠢᠪᠠ᠃ ᠱᠠᠪᠷᠤᠩ ᠬᠤᠶᠠᠷ᠂ ᠭᠡᠰᠭᠦᠢ ᠨᠢᠭᠡ᠂ ᠤᠮᠵᠠᠳ ᠨᠢᠭᠡ᠂ ᠲᠠᠮᠴᠢ ᠨᠢᠭᠡ ᠪᠠᠶᠢᠵᠠᠢ᠃ ᠢᠷᠭᠡᠳ ᠤᠯᠤᠰ ᠤᠨ ᠰᠡᠭᠦᠯᠴᠢ ᠪᠠᠷ ᠭᠤᠴᠢ ᠭᠠᠷᠤᠢ ᠱᠠᠪᠢ ᠲᠠᠢ ᠪᠠᠶᠢᠪᠠ᠃ ᠴᠠᠭᠠᠨ ᠰᠠᠷ᠎ᠠ ᠶᠢᠨ ᠠᠷᠪᠠᠨ ᠬᠤᠶᠠᠷ᠂ ᠪᠢᠯᠢᠭ ᠤᠨ ᠳᠣᠯᠣᠭᠠᠨ ᠰᠠᠷ᠎ᠠ  ᠶᠢᠨ ᠰᠢᠨ᠎ᠡ  ᠶᠢᠨ ᠳᠥᠷᠪᠡᠨ ᠳᠤ ᠴᠠᠮ ᠴᠠᠮᠨᠠᠳᠠᠭ ᠪᠠᠶᠢᠵᠠᠢ᠃ ︽ᠰᠣᠶᠣᠯ ᠤᠨ ᠬᠤᠪᠢᠰᠬᠠᠯ︾ ᠎ ᠤᠨ ᠳᠤᠮᠳᠠ ᠪᠥᠬᠦᠨ ᠢᠶᠠᠷ ᠢᠶᠠᠨ ᠰᠦᠢᠳᠴᠡᠢ᠃               ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ