ᠤᠮᠠᠷᠠᠲᠤ ᠬᠢᠯᠢ ᠶᠢᠨ ᠰᠤᠶᠤᠯ  — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ —  ᠰᠢᠪᠡᠷᠲᠡᠢ
ᠨᠡᠶᠢᠲᠡᠯᠡᠭᠰᠡᠨ ᠴᠠᠭ᠄
2025/4/22
      ᠰᠢᠪᠡᠷᠲᠡᠢ ᠶᠢᠨ ᠭᠤᠣᠯ ᠤᠨ ᠨᠡᠷ᠎ᠡ  ᠠᠴᠠ ᠢᠷᠡᠵᠡᠢ᠃ ᠰᠢᠪᠡᠷᠲᠠᠢ ᠶᠢᠨ ᠭᠤᠣᠯ ᠨᠢ ᠵᠠᠪᠠ ᠶᠢᠨ ᠰᠢᠯᠢ ᠶᠢᠨ ᠡᠩᠬᠡᠷ ᠠᠴᠠ ᠡᠬᠢ ᠠᠪᠤᠭᠠᠳ ᠰᠢᠬᠤᠢ ᠶᠢᠨ ᠰᠦᠮ᠎ᠡ  ᠶᠢᠨ ᠠᠷᠤ ᠪᠠᠷ ᠥᠩᠭᠡᠷᠡᠨ ᠬᠥᠬᠡ ᠤᠰᠤᠨ ᠭᠤᠣᠯ ᠳᠤ ᠨᠡᠶᠢᠯᠡᠳᠡᠭ᠃      ᠤᠯᠠᠮᠵᠢᠯᠠᠯ ᠶᠠᠷᠢᠶᠠᠨ ᠳᠤ ᠴᠢᠩᠬᠢᠰ ᠬᠠᠭᠠᠨ ᠰᠢᠳᠤᠷᠭᠤ ᠬᠠᠭᠠᠨ ᠢ ᠲᠠᠶᠢᠯᠠᠬᠤ ᠪᠠᠷ ᠶᠠᠪᠤᠵᠤ ᠪᠠᠶᠢᠭᠠᠳ ᠥᠭᠡᠳᠡ ᠪᠣᠯᠤᠭᠰᠠᠨ ᠳᠤ ᠱᠠᠷᠢᠯ ᠢ ᠨᠢ ᠡᠨᠡᠭᠦᠷ ᠬᠤᠶᠢᠰᠢ ᠵᠠᠯᠠᠵᠤ ᠭᠠᠷᠬᠤ ᠳᠤ ᠵᠦᠩ ᠰᠤᠪᠢᠨ ᠮᠡᠳᠡᠭᠳᠡᠵᠤ ᠬᠠᠰᠠᠭ ᠨᠢ ᠰᠢᠪᠡᠷᠲᠠᠭᠠᠳ ᠬᠥᠳᠡᠯᠵᠤ ᠲᠡᠶᠢᠯᠬᠦ ᠦᠭᠡᠢ ᠪᠣᠯᠤᠭᠰᠠᠨ ᠭᠡᠳᠡᠭ᠃ ᠲᠡᠭᠡᠭᠡᠳ ᠶᠢᠰᠤᠨ ᠵᠠᠭᠤ ᠶᠠᠷᠠ ᠶᠢᠰᠤᠨ ᠲᠠᠷᠯᠠᠨ ᠦᠬᠡᠷ  ᠢᠶᠠᠷ ᠭᠤᠷᠪᠠᠨ ᠡᠳᠦᠷ ᠭᠤᠷᠪᠠᠨ ᠰᠥᠨᠢ ᠲᠠᠲᠠᠵᠤ ᠪᠠᠶᠢᠮᠠᠨᠵᠢᠨ ᠭᠠᠷᠭᠠᠭᠰᠠᠨ ᠭᠡᠳᠡᠭ᠃ ᠡᠭᠦᠨ ᠠᠴᠠ ᠬᠤᠶᠢᠰᠢ ᠨᠤᠳᠤᠭ ᠤᠨ ᠬᠦᠮᠤᠰ ᠴᠠᠶᠢᠳᠠᠮ ᠤᠨ ᠳᠤᠮᠳᠠᠬᠢ ᠡᠨᠡ ᠭᠤᠣᠯ ᠢ ᠰᠢᠪᠡᠷᠲᠠᠢ ᠶᠢᠨ ᠭᠤᠣᠯ ᠭᠡᠵᠡᠢ᠃                ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ 
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ