ᠡᠵᠡᠨ ᠬᠤᠷᠤᠭ᠎ᠠ ᠰᠤᠮᠤᠨ ᠤ ᠰᠢᠬᠤᠢ ᠶᠢᠨ ᠰᠦᠮ᠎ᠡ ᠭᠠᠴᠠᠭᠠᠨ ᠤ ᠬᠠᠨ᠎ᠠ ᠶᠢᠨ ᠲᠠᠯ᠎ᠠ ︵ᠰᠢᠯᠢ ᠶᠢᠨ ᠬᠠᠲᠠᠭᠤ︶ ᠳᠤ ᠪᠠᠶᠢᠵᠠᠢ᠃ ᠲᠥᠪᠡᠳ ᠢᠶᠠᠷ | ᠷᠠᠰᠢᠰᠡᠳᠷᠤᠪᠴᠦᠶᠢᠮᠵᠤᠤᠷᠯᠢᠩ ᠭᠡᠳᠡᠭ᠃ ᠬᠥᠬᠡ ᠮᠦᠩᠭᠡ ᠲᠡᠭᠷᠢ ᠢ ᠰᠢᠳᠤᠳᠡᠭ ᠲᠠᠷᠠᠬᠠᠳ ᠢ ᠰᠢᠷ᠎ᠠ ᠶᠢᠨ ᠱᠠᠰᠢᠨ ᠢᠶᠠᠷ ᠪᠢᠰᠢᠷᠡᠭᠦᠯᠵᠦ ᠰᠢᠳᠦᠭᠦᠯᠬᠦ ᠭᠡᠵᠦ ᠡᠵᠡᠨ | ᠴᠢᠩᠬᠢᠰ ᠤᠨ ᠨᠠᠢᠮᠠᠨ ᠴᠠᠭᠠᠨ ᠰᠢᠳᠦᠭᠡᠨ ᠢ ᠯᠠᠮᠠ ᠨᠠᠷ ᠢᠶᠠᠷ ᠰᠠᠬᠢᠵᠤ ᠬᠠᠮᠢᠶᠠᠷᠤᠭᠤᠯᠬᠤ ᠪᠠᠷ ᠴᠢᠩ ᠤᠯᠤᠰ ᠤᠨ ᠳᠤᠮᠳᠠᠴᠢ ᠦᠶ᠎ᠡ ᠪᠠᠷ ᠪᠠᠶᠢᠭᠤᠯᠤᠭᠰᠠᠨ ᠰᠢᠷ᠎ᠠ | ᠲᠠᠷᠬᠠᠬᠠᠳ ᠤᠨ ᠨᠠᠢᠮᠠᠨ ᠬᠡᠶᠢᠳ ᠤᠨ ᠨᠢᠭᠡ ᠪᠣᠯᠣᠨ᠎ᠠ᠃ ᠲᠤᠬᠠᠢ ᠶᠢᠨ ᠦᠶ᠎ᠡ ᠳᠤ ᠭᠤᠷᠪᠠᠨ ᠪᠠᠭ᠎ᠠ ᠲᠣᠭᠠᠠᠩ ᠲᠠᠢ᠂ ᠨᠠᠶᠢᠲᠡ ᠠᠷᠪᠠᠨ ᠨᠠᠢᠮᠠᠨ ᠲᠠᠰᠤᠯᠭ᠎ᠠ᠃ | ᠱᠠᠪᠢ ᠨᠠᠷ ᠤᠨ ᠣᠷᠣᠨ ᠪᠠᠶᠢᠰᠢᠩ ᠭᠤᠴᠢ ᠭᠠᠷᠤᠢ ᠲᠠᠰᠤᠯᠭ᠎ᠠ ᠪᠠᠶᠢᠪᠠ᠃ ᠱᠠᠪᠷᠤᠩ ᠨᠢᠭᠡ᠂ ᠳ᠋ᠠ ᠯᠠᠮᠠ ᠨᠢᠭᠡ᠂ ᠱᠠᠩᠰᠤᠳ ᠨᠢᠭᠡ᠂ ᠭᠡᠰᠬᠦᠢ ᠨᠢᠭᠡ᠂ ᠤᠮᠵᠠᠳ | ᠨᠢᠭᠡ ᠪᠠᠶᠢᠪᠠ᠃ ᠢᠷᠭᠡᠨ ᠤᠯᠤᠰ ᠤᠨ ᠰᠡᠭᠦᠯᠴᠢ ᠪᠠᠷ ᠠᠷᠪᠠᠨ ᠲᠠᠪᠤᠨ ᠱᠠᠪᠢ ᠲᠠᠢ ᠪᠠᠶᠢᠵᠠᠢ᠃ ᠲᠥᠴᠢᠭᠡᠳ ᠣᠨ ᠤ ᠡᠬᠢ ᠪᠠᠷ ᠭᠤᠮᠢᠨᠳᠠᠩ ᠤᠨ ᠳᠡᠮᠤᠷ | ᠮᠠᠯᠠᠭᠠᠶᠢᠲᠤ ᠳᠡᠭᠡᠷᠡᠮ ᠤᠨ ᠴᠡᠷᠢᠭ ᠲᠤ ᠭᠤᠣᠯ ᠲᠣᠭᠠᠠᠩ ᠨᠢ ᠲᠦᠯᠡᠭᠳᠡᠵᠤ᠂ ︽ᠰᠣᠶᠣᠯ ᠤᠨ ᠬᠤᠪᠢᠰᠬᠠᠯ︾ ᠤᠨ ᠳᠤᠮᠳᠠ ᠪᠥᠬᠦᠨ ᠢᠶᠠᠷ ᠢᠶᠠᠨ ᠰᠦᠢᠳᠴᠡᠢ᠃ | | | ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ |