ᠡᠵᠡᠨ ᠬᠤᠷᠤᠭ᠎ᠠ ᠰᠤᠮᠤᠨ ᠤ ᠴᠢᠩᠭᠢᠰ ᠤᠨ ᠤᠩᠭᠤᠨ ᠪᠠᠶᠢᠭ᠎ᠠ ᠭᠠᠵᠠᠷ ᠠᠴᠠ ᠵᠡᠭᠦᠨᠰᠢ ᠠᠷᠪᠠᠨ ᠭᠠᠵᠠᠷ ᠵᠠᠶᠢᠲᠠᠢ ᠰᠢᠪᠠᠷᠲᠠᠢ ᠭᠠᠴᠠᠭᠠᠨ ᠤ ᠡᠮᠦᠨ᠋ᠬᠦᠷ ︽ᠡᠰᠢ | ᠬᠠᠳᠤᠨ ᠬᠤᠷᠤᠭ᠎ᠠ︾ ᠭᠡᠬᠦ ᠭᠠᠵᠠᠷ ᠪᠣᠢ᠃ ᠠᠳᠡᠬᠢ ᠬᠦᠮᠤᠰ ᠲᠣᠯᠣᠢ ᠶᠢᠨ ᠬᠠᠳᠤᠨ ᠰᠤᠷᠬᠠᠭᠳᠠᠨᠢ ᠶᠢ ᠡᠰᠢ ᠬᠠᠲᠤᠨ ᠭᠡᠳᠡᠭ᠃ ᠲᠣᠰ ᠪᠠᠷᠢᠭᠠᠲᠠ ᠶᠢᠨ ᠵᠡᠭᠦᠨ | ᠵᠠᠬ᠎ᠠ ᠶᠢᠨ ᠴᠠᠭᠠᠨ ᠲᠡᠷᠠᠰᠤ ᠶᠢᠨ ᠳᠡᠭᠡᠲᠤ ᠲᠠᠯ᠎ᠠ ᠳᠤ ︽ᠡᠰᠢ ᠬᠠᠳᠤᠨ︾ ᠤ ᠴᠣᠮᠴᠤᠭ ᠢ ᠰᠠᠭᠠᠳᠠᠭᠤᠯᠤᠨ ᠳᠠᠬᠢᠵᠤ ᠪᠠᠶᠢᠭᠰᠠᠨ ᠠᠴᠠ ᠡᠨᠡ ᠬᠠᠪᠢ ᠶᠢ ᠡᠰᠢ | ᠬᠠᠲᠤᠨ ᠬᠤᠷᠤᠭ᠎ᠠ ᠬᠡᠮᠡᠵᠤ᠂ ᠮᠥᠨ ᠲᠣᠰ ᠨᠡᠷᠡᠶᠢᠳᠤᠯ ᠢᠶᠠᠷ ᠠᠳᠡᠬᠢ ᠪᠠᠷᠢᠭᠠᠳᠠ ᠶᠢᠨ ᠢᠶᠠᠨ ᠨᠡᠷᠡᠶᠢᠳᠤᠯ ᠪᠣᠯᠭᠠᠵᠠᠢ᠃ ︽ᠡᠰᠢ︾ ᠭᠡᠳᠡᠭ ᠨᠢ ᠤᠭ ᠢᠵᠠᠭᠤᠷ ᠭᠡᠬᠦ | ᠪᠤᠶᠤ ᠤᠤᠯ ᠭᠡᠰᠡᠨ ᠤᠳᠬ᠎ᠠ ᠲᠠᠢ᠃ ᠡᠰᠡᠪᠡᠯ ᠶᠡᠭᠡ ᠬᠠᠲᠤᠨ᠂ ᠨᠢᠭᠡᠳᠦᠭᠡᠷ ᠬᠠᠲᠤᠨ ᠭᠡᠰᠡᠨ ᠤᠳᠬ᠎ᠠ ᠲᠠᠢ᠃ | ᠲᠣᠯᠣᠢ ᠶᠢᠨ ᠴᠣᠮᠴᠤᠭ ᠣᠷᠳᠣᠨ ᠢ ᠤᠳᠤᠭ ᠬᠠᠩᠬᠢᠨ ᠤ ᠰᠠᠪᠠ ᠲᠡᠭᠡᠷᠡᠬᠢ ᠲᠣᠯᠤᠭᠠᠨ ᠬᠤᠳᠳᠤᠭ ᠲᠤ ᠳᠠᠬᠢᠵᠤ ᠪᠠᠶᠢᠭᠠᠳ ᠰᠡᠭᠦᠯ ᠳᠤᠨᠢ ᠰᠠᠩᠲᠤᠢ ᠶᠢᠨ | ᠲᠣᠭᠠᠠᠩ ᠣᠷᠴᠢᠮ ᠳᠠᠬᠢᠵᠤ 1956 ᠣᠨ ᠳᠤ ᠰᠢᠨ᠎ᠡ ᠣᠷᠲᠤ ᠶᠢ ᠪᠠᠷᠢᠭᠰᠠᠨ ᠤ ᠳᠠᠷᠠᠭ᠎ᠠ ᠡᠰᠢ ᠬᠠᠲᠤᠨ ᠲᠠᠢ ᠨᠡᠶᠢᠯᠡᠭᠦᠯᠦᠭᠰᠡᠠᠨ ᠦᠭᠡᠢ ᠬᠠᠷᠢᠨ ᠠᠰ ᠲᠤᠨᠢ | ᠳᠠᠬᠢᠵᠠᠢ᠃ ᠡᠨᠡ ᠨᠢ ᠡᠷᠲᠡᠨ ᠤ ᠤᠯᠠᠮᠵᠢᠯᠠᠯ ᠶᠣᠰᠣᠨ ᠳᠠᠬᠢ ᠪᠠᠷᠢ ᠬᠦᠮᠤᠨ ᠬᠠᠭᠠᠨ ᠲᠠᠢ ᠢᠯᠡ ᠪᠠᠷ ᠪᠠᠷᠠᠯᠯᠠᠭᠳᠠᠭ ᠦᠭᠡᠢ ᠭᠡᠰᠡᠨ ᠶᠣᠰᠣ ᠶᠤᠮ᠃ ᠮᠥᠨ ᠵᠠᠷᠢᠮ | ᠬᠦᠮᠤᠨ ᠤ ᠬᠡᠯᠡᠬᠦ ᠪᠠᠷ ᠡᠰᠢ ᠬᠠᠳᠤᠨ ᠤ ᠴᠣᠮᠴᠤᠭ ᠣᠷᠳᠤᠨ ᠢ ᠬᠠᠭᠤᠴᠢᠨ ᠵᠢᠬᠢ ᠠᠴᠠ ᠲᠠᠯᠲᠠ ᠭᠠᠵᠠᠷ ᠵᠢᠭᠬᠢᠯᠡᠭᠦᠯᠵᠦ ᠳᠤᠮᠳᠠ ᠪᠠᠨ ᠪᠣᠷᠣ ᠲᠣᠯᠣᠭᠠᠢ ᠶᠢᠨ | ᠣᠷᠣᠢ ᠪᠠᠷ ᠪᠠᠷ᠎ᠠ ᠳᠠᠯᠳᠠᠯᠠᠭᠤᠯᠵᠤ ᠨᠢᠭᠤᠭᠰᠠᠨ ᠭᠡᠳᠡᠭ᠃ | | | ︽ᠮᠠᠨᠠᠷᠠᠵᠦ ᠬᠠᠷᠠᠭᠳᠠᠬᠤ ᠡᠵᠡᠨ ᠬᠤᠷᠤᠭ᠎ᠠ︾ ᠭᠡᠬᠦ ᠨᠤᠮ ᠠᠴᠠ ᠬᠠᠭᠤᠯᠤᠨ ᠰᠡᠶᠢᠷᠡᠬᠦᠯᠪᠡ |