ᠤᠮᠠᠷᠠᠲᠤ ᠬᠢᠯᠢ ᠶᠢᠨ ᠰᠤᠶᠤᠯ  — ᠡᠵᠡᠨ ᠬᠤᠷᠤᠭ᠎ᠠ ᠬᠤᠰᠢᠭᠤᠨ ᠤ  ᠭᠠᠵᠠᠷ ᠤᠨ ᠨᠡᠷᠡᠰ ᠤᠨ ᠡᠭᠦᠰᠦᠯ — ᠪᠠᠶᠠᠨᠳᠦ᠋ᠭᠦᠮ
ᠨᠡᠶᠢᠲᠡᠯᠡᠭᠰᠡᠨ ᠴᠠᠭ᠄
2025/4/22
      ᠲᠣᠭᠤᠯᠠᠭ᠎ᠠ  ᠶᠢᠨ ᠣᠪᠣᠭᠠᠨ ᠤ ᠡᠩᠬᠡᠷ ᠲᠠᠬᠢ ᠳᠤᠩᠭᠠᠯᠠᠭ ᠰᠠᠶᠢᠬᠠᠨ ᠪᠤᠷᠭᠠᠰᠤᠲᠠᠢ ᠶᠢᠨ ᠭᠤᠣᠯ ᠤᠨ ᠲᠡᠨᠵᠢᠷᠬᠡᠭ ᠰᠢᠯᠢ ᠶᠢ ᠬᠠᠭᠤᠴᠢᠨ ᠳᠤᠪᠠᠶᠠᠨᠳᠦ᠋ᠭᠦᠮ ᠭᠡᠳᠡᠭ ᠪᠠᠶᠢᠵᠠᠢ᠃ ᠬᠤᠶᠠᠷ ᠬᠠᠵᠠᠭᠤ ᠪᠠᠷ ᠨᠢ ᠠᠭᠤᠯᠠ ᠲᠣᠪᠤ ᠲᠠᠢ ᠡᠨᠡ ᠬᠤᠳᠤᠭᠤᠷ ᠲᠤ ᠲᠦᠷᠦᠭᠡᠨ ᠳᠠᠪᠠᠨᠭ ᠰᠢᠭᠦᠷᠡᠮ᠎ᠡ ᠯᠤᠤᠯᠢ ᠰᠢᠷᠠᠯᠵᠢ ᠪᠢᠳᠡᠭᠦᠷᠡᠨ ᠤᠷᠭᠤᠵᠤ᠂ ᠲᠥᠭᠦᠮ ᠪᠠᠭᠲᠠᠬᠤ ᠦᠭᠡᠢ ᠮᠠᠯ ᠰᠦᠷᠦᠭ᠂ ᠠᠵᠢᠷᠭᠠᠲᠠᠨ ᠠᠳᠤᠭᠤ ᠪᠠᠯᠴᠢᠵᠤ ᠶᠣᠰᠣᠲᠠᠢ ᠪᠠᠶᠠᠨ ᠳᠠᠩᠰᠤᠭ ᠭᠠᠵᠠᠷ ᠪᠠᠶᠢᠭᠰᠠᠨ ᠠᠴᠠ ᠬᠤᠯᠠ ᠣᠶᠢᠷ᠎ᠠ  ᠳᠤ ︽ᠪᠠᠶᠠᠨᠳ᠋ᠭᠦᠮ︾ ᠭᠡᠵᠦ ᠠᠯᠳᠠᠷᠰᠢᠵᠠᠢ᠃      ᠰᠡᠭᠦᠯᠡᠷ ᠨᠢ ᠠᠳᠠ ᠤᠯᠠᠨ ᠴᠠᠭᠠᠴᠢᠨ ᠢᠷᠭᠡᠨ ᠨᠤᠳᠤᠭᠰᠢᠨ ᠰᠠᠭᠤᠵᠤ ᠠᠨᠵᠢᠰᠤᠨ ᠬᠤᠰᠢᠭᠤ ᠪᠠᠷ ᠤᠩᠭᠤᠨ ᠬᠥᠷᠥᠰᠤ ᠶᠢ ᠰᠠᠨᠳᠠᠴᠢᠨ ᠬᠦᠨᠳᠡᠭᠰᠠᠨ ᠠᠴᠠ ᠠᠶᠠᠨᠳᠠᠭᠠᠨ ᠲᠠᠷᠢᠶᠠᠨ ᠭᠠᠵᠠᠷ ᠪᠣᠯᠵᠠᠢ᠃      ᠶᠡᠭᠡ ᠦᠰᠦᠷᠦᠩᠭᠦᠢ ᠳᠡᠪᠰᠢᠯᠲᠠ ᠶᠢᠨ ᠦᠯᠦᠰᠬᠦᠯᠡᠩ ᠭᠠᠴᠢᠭ ᠵᠢᠯ ᠤᠳ ᠲᠤ ᠠᠳᠠ ᠨᠢᠭᠡ ᠰᠠᠭᠤᠯᠠᠭ᠎ᠠ ᠤᠯᠠᠭᠠᠨ ᠠᠮᠤ ᠭᠤᠴᠢᠨ ᠵᠢᠷᠭᠤᠭᠠᠨ ᠵᠢᠩ ᠬᠦᠷᠥᠭᠰᠡᠨ ᠦᠯᠢᠭᠡᠷ ᠪᠢᠰᠢ ᠦᠨᠡᠨ ᠤᠴᠢᠷ ᠭᠠᠷᠴᠤ ᠭᠡᠨ᠎ᠡ᠃      ︽ᠬᠠᠳᠠ ᠲᠠᠢ ᠠᠮᠤ ᠪᠠᠶᠢᠭᠰᠠᠨ ᠪᠣᠯ ᠬᠦᠮᠥᠨ ᠢᠳᠡᠭᠡᠮᠡᠷ ᠶᠤᠮ᠃ ᠴᠡᠪᠡᠷ ᠨᠢᠭᠡ ᠰᠠᠭᠤᠯᠠᠭ᠎ᠠ ᠠᠮᠤ ᠪᠠᠰᠠ ᠡᠶᠢᠮᠤ ᠬᠦᠨᠳᠦ ᠪᠠᠶᠢᠳᠠᠭ ᠶᠤᠮ ᠪᠠᠶᠢᠨ᠎ᠠ᠃ ᠬᠠᠰᠢᠯᠠ ᠪᠠᠶᠠᠨᠳᠤᠭᠦᠮ ᠤᠨ ᠰᠢᠷᠣᠢ ᠨᠢ ᠲᠣᠭᠤᠰᠤ ᠪᠢᠰᠢ ᠲᠣᠰᠣ ᠪᠠᠶᠢᠭᠰᠠᠨ ᠶᠤᠮ ᠪᠠᠶᠢᠨ᠎ᠠ︾ ᠭᠡᠵᠦ ᠨᠠᠰᠤᠲᠠᠢ ᠤᠯᠤᠰ ᠨᠢ ᠬᠠᠭᠤᠴᠢᠯᠠᠨ᠎ᠠ᠃
ᠢᠷᠡᠯᠲᠡ᠄ ᠡᠵᠡᠨ ᠬᠤᠷᠤᠭ᠎ᠠ ᠬᠤᠰᠢᠭᠤᠨ ᠤ ᠠᠷᠠᠳ ᠤᠨ ᠵᠠᠰᠠᠭ ᠤᠨ ᠤᠷᠳᠤᠨ